ᠱᠢ ᠵᠢᠶᠠ ᠮᠠᠨᠵᠤ ᠦᠨᠳᠦᠰᠦᠳᠡᠨ ᠤ ᠰᠢᠶᠠᠩ ᠨᠢ ᠪᠠᠶᠢᠭᠤᠯᠭ᠎ᠠ ᠶᠢᠨ ᠨᠠᠮ ᠤᠨ ᠬᠡᠰᠢᠬᠦᠨ ᠪᠠ ᠲᠤᠰᠬᠤᠨ ᠤ ᠨᠠᠮ ᠤᠨ ᠵᠤᠬᠢᠶᠠᠨ ᠪᠠᠶᠢᠭᠤᠯᠤᠯᠳᠠ ᠶᠢᠨ ᠱᠦᠵᠢ ᠨᠠᠷ ᠢ ᠵᠤᠬᠢᠶᠠᠨ ᠪᠠᠶᠢᠭᠤᠯᠵᠤ ᠬᠤᠪᠢᠰᠬᠠᠯ ᠤᠨ ᠲᠤᠬᠠᠢ ᠬᠦᠮᠦᠵᠢᠯ ᠬᠦᠷᠳᠡᠭᠡᠪᠡ
ᠨᠡᠶᠢᠲᠡᠯᠡᠭᠰᠡᠨ ᠴᠠᠭ᠄
2019/10/28
ᠲᠡᠭᠡᠳᠦ ᠱᠠᠳᠤᠨ ᠤ ᠨᠠᠮ ᠤᠨ ᠬᠤᠷᠢᠶᠠᠨ ᠤ ︽ᠤᠭ ᠵᠤᠷᠢᠯᠳᠠ ᠪᠠᠨ ᠮᠠᠷᠳᠠᠬᠤ ᠦᠭᠡᠢ᠂ ᠡᠭᠦᠷᠭᠡ ᠬᠠᠷᠢᠭᠤᠴᠠᠯᠭ᠎ᠠ  ᠪᠠᠨ ᠪᠠᠳᠤ ᠴᠡᠭᠡᠵᠢᠯᠡᠬᠦ︾ ᠭᠤᠤᠯ ᠰᠡᠳᠦᠪᠳᠦ ᠬᠦᠮᠦᠵᠢᠯ ᠤᠨ ᠪᠠᠶᠢᠷᠢᠯᠠᠭᠤᠯᠤᠯᠳᠠ ᠶᠢᠨ ᠱᠠᠭᠠᠷᠳᠠᠯᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠭᠤᠤᠯ ᠰᠡᠳᠦᠪᠳᠦ ᠬᠦᠮᠦᠵᠢᠯ ᠤᠨ ᠴᠢᠬᠤᠯᠠ ᠤᠳᠬ᠎ᠠ ᠠᠭᠤᠯᠭ᠎ᠠ ᠶᠢ ᠭᠦᠨᠵᠡᠭᠡᠢ ᠤᠶᠢᠯᠠᠭᠠᠭᠤᠯᠬᠤ ᠶᠢᠨ ᠲᠦᠯᠦᠭᠡ᠂ 10 ᠰᠠᠷ᠎ᠠ ᠶᠢᠨ 8 ᠤ ᠡᠳᠦᠷ᠂ ᠱᠢ ᠵᠢᠶᠠ ᠮᠠᠨᠵᠤ ᠦᠨᠳᠦᠰᠦᠳᠡᠨ ᠤ ᠰᠢᠶᠠᠩ  ᠨᠢ ᠪᠠᠶᠢᠭᠤᠯᠭ᠎ᠠ ᠶᠢᠨ ᠨᠠᠮ ᠤᠨ ᠬᠡᠰᠢᠬᠦᠨ ᠪᠠ ᠲᠤᠰᠬᠤᠨ ᠤ ᠨᠠᠮ ᠤᠨ ᠵᠤᠬᠢᠶᠠᠨ ᠪᠠᠶᠢᠭᠤᠯᠤᠯᠳᠠ ᠶᠢᠨ ᠱᠦᠵᠢ ᠨᠠᠷ ᠢ ᠵᠤᠬᠢᠶᠠᠨ ᠪᠠᠶᠢᠭᠤᠯᠵᠤ ᠯᠢᠶᠤᠤ ᠱᠧᠨ ᠤ ᠲᠠᠶᠢᠯᠠᠯᠳᠤᠭᠠᠨ ᠤ ᠲᠤᠷᠠᠰᠬᠠᠯ ᠤᠨ ᠤᠷᠳᠤᠨ ᠳᠤ ᠬᠦᠷᠴᠦ ᠭᠤᠤᠯ ᠰᠡᠳᠦᠪᠳᠦ ᠨᠠᠮ ᠤᠨ ᠡᠳᠦᠷ ᠤᠨ ᠬᠦᠳᠡᠯᠭᠡᠭᠡᠨ ᠦᠷᠨᠢᠭᠦᠯᠪᠡ᠃ᠲᠡᠳᠡ ᠲᠤᠷᠠᠰᠬᠠᠯ ᠤᠨ ᠤᠷᠳᠤᠨ ᠤ ᠬᠤᠶᠠᠷ ᠬᠠᠵᠠᠭᠤ ᠶᠢᠨ ᠲᠤᠷᠠᠰᠬᠠᠯ ᠤᠨ ᠬᠦᠰᠢᠶ᠎ᠡ ᠨᠦᠭᠦᠳ ᠤᠨ ᠲᠡᠷᠭᠡᠳᠡ ᠨᠠᠮᠠᠨᠴᠢᠯᠠᠨ ᠭᠠᠰᠢᠭᠤᠳᠠᠵᠤ ᠪᠠᠶᠢᠬᠤ ᠪᠠᠨ ᠢᠯᠡᠳᠭᠡᠪᠡ᠂ ᠪᠠᠶᠢᠯᠳᠤᠭᠠᠨ ᠤ ᠲᠡᠦᠬᠡ ᠶᠢᠨ ᠤᠷᠳᠤᠨ᠂ ᠡᠮᠦᠨ᠎ᠡ ᠹᠷᠠᠳᠲ ᠢ ᠲᠤᠰᠠᠯᠠᠬᠤ ᠤᠷᠳᠤᠨ᠂ ᠦᠷᠡᠭᠳᠡᠭᠰᠡᠨ ᠪᠠᠭᠠᠳᠤᠷᠴᠤᠳ ᠤᠨ ᠤᠷᠳᠤᠨ ᠪᠠ ︽ᠲᠤᠮᠳᠠᠳᠤ ᠤᠯᠤᠰ ᠤᠨ ᠨᠢᠭᠡᠳᠦᠭᠡᠷ ᠤᠷᠳᠤᠨ︾ ᠢ ᠲᠤᠭᠤᠷᠢᠨ ᠦᠵᠡᠵᠦ᠂ ᠬᠡᠮᠡᠷᠯᠢᠭ ᠲᠤᠭ᠂ ᠦᠵᠡᠭᠦᠯᠭᠡ ᠶᠢᠨ ᠰᠠᠮᠪᠠᠷ᠎ᠠ᠂ ᠪᠠᠶᠢᠯᠳᠤᠭᠠᠨ ᠤ ᠤᠯᠵᠠᠪᠤᠷᠢ ᠨᠢᠭᠡᠪᠦᠷᠢ ᠪᠠ ᠲᠠᠶᠢᠯᠪᠤᠷᠢᠯᠠᠭᠴᠢ ᠶᠢᠨ ᠰᠡᠳᠬᠢᠯᠭᠡ ᠪᠢᠯᠬᠠᠮ᠎ᠠ ᠲᠠᠶᠢᠯᠪᠤᠷᠢᠯᠠᠬᠤ ᠶᠢ ᠰᠤᠨᠤᠰᠴᠦ᠂ ᠲᠠᠶᠢᠨ ᠦᠢᠮᠡᠭᠡᠨ ᠤ ᠤᠨ ᠵᠢᠯ ᠤᠳ ᠤᠨ ᠰᠢᠷᠦᠭᠦᠨ ᠲᠠᠶᠢᠨ ᠤ ᠲᠤᠷᠠᠰᠤᠮᠵᠢ ᠶᠢ ᠡᠷᠭᠢᠴᠡᠭᠦᠯᠵᠦ᠂ ᠪᠠᠷᠢᠮᠳᠠᠳᠤ ᠹᠢᠯᠢᠮ ᠪᠠ ᠤᠳᠤ ᠦᠶ᠎ᠡ ᠶᠢᠨ ᠤᠨᠴᠠᠭᠠᠢ ᠮᠡᠷᠭᠡᠵᠢᠯ ᠤᠨ ᠴᠢᠳᠠᠮᠵᠢ ᠪᠠᠷ ᠬᠤᠪᠢᠰᠬᠠᠯ ᠤᠨ ᠠᠬᠠᠮᠠᠳ ᠦᠶ᠎ᠡ ᠶᠢᠨ ᠬᠢᠨ ᠤ ᠡᠮᠦᠨᠡᠬᠢ  ᠨᠢ ᠦᠷᠡᠭᠳᠡᠬᠦ ᠳᠤ ᠬᠤᠶᠢᠨᠠᠬᠢ ᠨᠢ ᠵᠠᠯᠭᠠᠮᠵᠢᠯᠠᠵᠤ᠂ ᠡᠬᠡ ᠭᠠᠵᠡᠷ ᠢ ᠠᠷᠢᠭᠤᠨ ᠴᠢᠰᠤᠨ ᠢᠶᠠᠷ ᠪᠤᠳᠤᠭᠯᠠᠨ ᠡᠷᠡᠯᠭᠡᠭᠯᠡᠨ ᠤᠷᠤᠭᠰᠢᠯᠠᠬᠤ ᠲᠦᠷᠢ ᠪᠠᠶᠢᠳᠠᠯ ᠢ ᠤᠯᠵᠤ ᠬᠠᠷᠠᠵᠤ᠂ ᠪᠦᠬᠦ ᠨᠠᠮ ᠤᠨ ᠬᠡᠰᠢᠭᠦᠳ ᠤᠨ ᠤᠯᠤᠰ ᠢᠶᠠᠨ ᠬᠠᠶᠢᠷᠠᠯᠠᠬᠤ ᠬᠠᠯᠠᠭᠤᠨ ᠰᠡᠳᠬᠢᠯ ᠪᠠ ᠠᠷᠠᠳ ᠲᠦᠮᠡᠨ ᠤ ᠲᠦᠯᠦᠭᠡ ᠵᠤᠯ ᠵᠢᠷᠭᠠᠯ ᠬᠦᠭᠡᠭᠡᠴᠡᠯᠳᠤᠬᠦ᠂ ᠲᠤᠮᠳᠠᠳᠤ ᠶᠢᠨ ᠦᠨᠳᠦᠰᠦᠳᠡᠨ ᠤ ᠰᠡᠷᠬᠦᠨ ᠮᠠᠨᠳᠤᠯᠳᠠ ᠶᠢ ᠬᠦᠭᠡᠭᠡᠴᠡᠯᠳᠤᠬᠦ ᠤᠭ ᠵᠤᠷᠢᠯᠳᠠ ᠨᠢ ᠬᠦᠭᠵᠢᠭᠡᠨ ᠪᠠᠳᠠᠷᠠᠭᠠᠪᠠ᠃ᠬᠤᠷᠴᠠ ᠲᠤᠳᠤᠬᠠᠨ ᠨᠠᠮ ᠤᠨ ᠲᠤᠭ ᠤᠨ ᠲᠡᠷᠭᠡᠳᠡ ᠪᠦᠬᠦ ᠨᠠᠮ ᠤᠨ ᠬᠡᠰᠢᠭᠦᠳ ᠪᠠᠷᠭᠠᠤᠨ ᠭᠠᠷ ᠵᠠᠩᠬᠢᠳᠴᠤ᠂ ᠲᠤᠷᠠᠰᠬᠠᠯ ᠤᠨ ᠤᠷᠳᠤᠨ ᠤ ᠡᠮᠦᠨ᠎ᠡ ᠦᠪᠡᠷ ᠤᠨ ᠢᠶᠠᠨ ᠠᠩᠬ᠎ᠠ ᠨᠠᠮ ᠳᠤ ᠤᠷᠤᠬᠤ ᠦᠶ᠎ᠡ ᠶᠢᠨ ᠲᠠᠩᠭᠠᠷᠢᠭ ᠤᠨ ᠦᠭᠡᠰ ᠢᠶᠠᠨ ᠲᠠᠬᠢᠨᠳᠠ ᠲᠠᠩᠭᠠᠷᠢᠭᠯᠠᠵᠤ᠂ ᠦᠪᠡᠷᠰᠡᠳ ᠤᠨ ᠢᠶᠠᠨ ᠠᠶᠠᠨ ᠵᠠᠮ ᠤᠨ ᠠᠩᠬᠠᠨ ᠤ ᠠᠯᠬᠤᠮ ᠢ ᠡᠷᠭᠢᠴᠡᠭᠦᠯᠦᠨ᠂ ᠡᠪ ᠬᠠᠮᠳᠤ ᠨᠠᠮ ᠤᠨ ᠶᠠᠪᠤᠵᠤ ᠢᠷᠡᠭᠰᠡᠨ ᠭᠡᠷᠡᠯ ᠭᠢᠯᠪᠠᠭᠠᠳᠤ ᠵᠠᠮ ᠪᠠ ᠦᠪᠡᠷ ᠤᠨ ᠢᠶᠠᠨ ᠬᠤᠪᠢᠷᠠᠰᠢ ᠦᠭᠡᠢ ᠢᠳᠡᠭᠡᠯ ᠪᠢᠰᠢᠷᠡᠯ ᠢᠶᠠᠨ ᠲᠤᠷᠠᠰᠴᠤ᠂ ᠲᠤᠬᠠᠢ ᠶᠢᠨ ᠵᠢᠯ ᠤᠨ ᠵᠤᠷᠢᠭ ᠰᠢᠭᠤᠳᠤᠭᠰᠠᠨ ᠪᠠ ᠢᠳᠡᠭᠡᠯ ᠪᠢᠰᠢᠷᠡᠯ ᠢᠶᠠᠨ ᠲᠠᠬᠢᠨᠳᠠ ᠰᠠᠨᠠᠭᠠᠯᠵᠠᠪᠠ᠃ ᠱᠢ ᠵᠢᠶᠠ ᠮᠠᠨᠵᠤ ᠦᠨᠳᠦᠰᠦᠳᠡᠨ ᠤ ᠰᠢᠶᠠᠩ ᠨᠢ ᠬᠤᠪᠢᠰᠬᠠᠯᠳᠤ ᠤᠯᠠᠮᠵᠢᠯᠠᠯᠳᠤ ᠬᠦᠮᠦᠵᠢᠯ ᠢ ︽ᠤᠭ ᠵᠤᠷᠢᠯᠳᠠ  ᠪᠠᠨ ᠮᠠᠷᠳᠠᠬᠤ ᠦᠭᠡᠢ᠂ ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠬᠦ︾ ᠭᠤᠤᠯ ᠰᠡᠳᠦᠪᠳᠦ ᠬᠦᠮᠦᠵᠢᠯ ᠤᠨ ᠴᠢᠬᠤᠯᠠ ᠭᠤᠭᠴᠤᠭ᠎ᠠ ᠪᠤᠯᠭᠠᠵᠤ᠂ ᠨᠠᠮ ᠤᠨ ᠲᠡᠦᠭᠡ ᠶᠢ ᠡᠷᠭᠢᠴᠡᠭᠦᠯᠬᠦ᠂ ᠨᠠᠮ ᠤᠨ ᠲᠡᠦᠬᠡ ᠶᠢ ᠰᠤᠷᠤᠯᠴᠠᠬᠤ᠂ ᠬᠤᠪᠢᠰᠬᠠᠯᠳᠤ ᠦᠷᠡᠭᠳᠡᠭᠰᠡᠨ ᠪᠠᠭᠠᠳᠤᠷᠴᠤᠳ ᠢᠶᠠᠨ ᠲᠤᠷᠠᠰᠬᠤ ᠪᠠᠷ ᠲᠠᠮᠵᠢᠭᠤᠯᠵᠤ᠂ ᠬᠤᠪᠢᠰᠬᠠᠯ ᠤᠨ ᠰᠤᠶᠤᠯ ᠢ ᠤᠯᠠᠮᠵᠢᠯᠠᠨ ᠬᠤᠪᠢᠰᠬᠠᠯᠳᠤ ᠵᠤᠷᠢᠭ ᠰᠠᠨᠠᠭ᠎ᠠ ᠶᠢ ᠪᠠᠳᠠᠷᠠᠭᠤᠯᠪᠠ᠃ ᠨᠠᠮ ᠳᠤ ᠤᠷᠤᠬᠤ ᠲᠠᠩᠭᠠᠷᠢᠭ ᠢᠶᠠᠨ ᠲᠠᠬᠢᠨᠳᠠ ᠲᠠᠩᠭᠠᠷᠢᠭᠯᠠᠵᠤ᠂  ᠦᠪᠡᠷ ᠤᠨ ᠤᠬᠠᠮᠰᠠᠷ ᠠᠴᠠ ᠪᠠᠨ‌ᠨᠠᠮᠴᠢ ᠴᠢᠨᠠᠷ ᠢᠶᠠᠨ ᠲᠡᠭᠡᠭᠰᠢᠯᠡᠭᠦᠯᠵᠦ᠂ ᠲᠡᠦᠭᠡ ᠶᠢ ᠡᠷᠭᠢᠴᠡᠭᠦᠯᠵᠦ᠂ ᠤᠷᠢᠳᠡᠬᠢ ᠪᠠᠭᠠᠳᠤᠷᠴᠤᠳ ᠢᠶᠠᠨ ᠰᠠᠨᠠᠭᠠᠯᠵᠠᠬᠤ ᠲᠤᠮᠳᠠ ᠪᠠᠨ ᠤᠭ ᠵᠤᠷᠢᠯᠳᠠ ᠪᠠᠨ ᠤᠬᠠᠭᠠᠷᠠᠨ᠂ ᠤᠭ ᠵᠤᠷᠢᠯᠳᠠ ᠪᠠᠨ ᠰᠠᠬᠢᠵᠤ᠂ ᠤᠭ ᠵᠤᠷᠢᠯᠳᠠ ᠪᠠᠨ ᠦᠢᠯᠡᠳᠦᠯᠭᠡᠵᠢᠭᠦᠯᠦᠨ᠂ ᠰᠢᠨ᠎ᠡ ᠴᠠᠭ ᠦᠶ᠎ᠡ ᠶᠢᠨ ᠡᠭᠦᠷᠭᠡ ᠬᠠᠷᠢᠭᠤᠴᠠᠯᠭ᠎ᠠ ᠪᠠᠨ ᠦᠢᠯᠡᠳᠦᠯᠭᠡᠵᠢᠬᠦᠯᠬᠦ ᠳᠤ ᠡᠷᠴᠢ ᠬᠦᠴᠦᠨ ᠬᠤᠷᠠᠮᠳᠤᠭᠤᠯᠤᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号