ᠠᠭᠤᠳᠠᠮ ᠲᠠᠯᠠᠪᠠᠢ ᠶᠢᠨ ᠨᠡᠶᠢᠬᠡᠮ ᠲᠤᠭᠤᠷᠢᠭ ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠬᠡᠯᠡᠬᠦ︾ ᠭᠤᠤᠯ ᠰᠡᠳᠤᠪᠳᠦ ᠦᠳᠡᠰᠢᠯᠡᠭᠡ ᠡᠷᠬᠢᠯᠡᠪᠡ
ᠨᠡᠶᠢᠲᠡᠯᠡᠭᠰᠡᠨ ᠴᠠᠭ᠄
2019/10/14
ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠶᠢᠨ ᠲᠦᠯᠦᠭᠡ᠂ ᠤᠶᠢᠷ᠎ᠠ ᠶᠢᠨ ᠡᠳᠦᠷ᠂ ︽ᠲᠦᠮᠡᠨ ᠤᠯᠠᠨ ᠢᠶᠠᠷ ᠢᠶᠠᠨ ᠬᠦᠭᠡᠷᠦᠯᠳᠤᠵᠦ᠂ ᠲᠡᠯᠡᠬᠡᠢ ᠳ᠋ᠠᠬᠢᠨ ᠢᠶᠠᠷ ᠢᠶᠠᠨ ᠪᠠᠶᠠᠰᠬᠤ︾ ᠪᠠᠷ ᠭᠤᠤᠯ ᠰᠡᠳᠦᠪ ᠪᠤᠯᠭᠠᠭᠰᠠᠨ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠤᠷᠠᠨ ᠰᠠᠶᠢᠬᠠᠨ ᠤ ᠦᠳᠡᠰᠢᠯᠡᠭᠡ ᠨᠢ ᠵᠢᠨᠱᠠᠨ ᠪᠠᠯᠭᠠᠰᠤᠨ ᠤ ᠠᠭᠤᠳᠠᠮ ᠲᠠᠯᠠᠪᠠᠢ ᠳᠤ ᠦᠪᠡᠳᠡᠭᠰᠢ ᠶᠡᠬᠡᠪᠡᠷ ᠶᠠᠪᠤᠭᠳᠠᠪᠠ᠃ᠦᠳᠡᠰᠢᠯᠡᠭᠡ ᠶᠢ ᠾᠧᠨᠡᠨ ᠵᠡᠭᠡᠯᠢ ᠭᠤᠳᠤᠮᠵᠢ ᠶᠢᠨ ᠨᠠᠮ ᠤᠨ ᠠᠵᠢᠯ ᠤᠨ ᠬᠤᠷᠢᠶ᠎ᠠ᠂ ᠰᠤᠶᠤᠯ ᠵᠢᠭᠤᠯᠴᠢᠯᠠᠯ ᠪᠡᠶ᠎ᠡ ᠲᠠᠮᠢᠷ ᠤᠨ ᠲᠤᠪᠴᠢᠶᠠᠨ ᠤ ᠨᠠᠮ ᠤᠨ ᠶᠡᠷᠦᠩᠬᠡᠢ ᠡᠭᠦᠷ ᠤᠨ ᠰᠠᠯᠪᠤᠷᠢ ᠭᠤᠤᠯᠯᠠᠨ ᠡᠷᠬᠢᠯᠡᠵᠦ᠂ ᠾᠧᠨᠡᠨ ᠵᠡᠭᠡᠯᠢ ᠭᠤᠳᠤᠮᠵᠢ ᠶᠢᠨ ᠨᠠᠮ ᠤᠨ ᠶᠡᠷᠦᠩᠬᠡᠢ ᠡᠭᠦᠷ ᠪᠠ ᠬᠠᠷᠠᠴᠢᠨ ᠬᠤᠰᠢᠭᠤᠨ ᠤ ᠰᠤᠶᠤᠯ ᠤᠨ ᠤᠷᠳᠤᠨ ᠤ ᠨᠠᠮ ᠤᠨ ᠡᠭᠦᠷ ᠬᠠᠮᠳᠤᠷᠠᠨ ᠡᠷᠬᠢᠯᠡᠪᠡ᠃
ᠭᠤᠤᠯ ᠰᠡᠳᠤᠪᠳᠦ ᠦᠳᠡᠰᠢᠯᠡᠭᠡ ᠨᠢ ︽ᠲᠡᠯᠡᠬᠡᠢ ᠳ᠋ᠠᠬᠢᠨ ᠢᠶᠠᠷ ᠢᠶᠠᠨ ᠪᠠᠶᠠᠰᠤᠯᠴᠠᠬᠤ︾ ᠡᠬᠢᠯᠡᠯᠳᠡ ᠶᠢᠨ ᠬᠦᠰᠢᠭᠡ ᠪᠤᠯᠬᠤ ᠪᠠᠭᠠᠴᠤᠳ ᠬᠡᠦᠭᠡᠳ ᠤᠨ ᠲᠠᠭᠤᠤ ᠪᠦᠵᠢᠭ ︽ᠡᠵᠢ ᠨᠡᠳᠡᠳᠤ ᠨᠢᠭᠡᠨ ᠲᠠᠭᠤᠤ ᠵᠢᠭᠠᠭᠰᠠᠨ ᠡ︾ ᠲᠤᠭᠯᠠᠯᠳᠠ  ᠪᠠᠷ ᠡᠬᠢᠯᠡᠵᠦ᠂ ᠡᠯ᠎ᠡ ᠦᠨᠳᠦᠰᠦᠳᠡᠨ ᠤ ᠤᠯᠠᠨ ᠲᠦᠮᠡᠨ ᠨᠠᠮ ᠤᠨ ᠡᠨᠡᠷᠢᠯ ᠬᠠᠶᠢᠷ᠎ᠠ ᠳᠤ ᠲᠠᠯᠠᠷᠬᠠᠵᠤ᠂ ᠨᠠᠮ ᠤᠨ ᠦᠭᠡ ᠶᠢ ᠰᠤᠨᠤᠰᠴᠤ᠂ ᠨᠠᠮ ᠢᠶᠠᠨ ᠲᠠᠭᠠᠵᠤ ᠤᠷᠤᠭᠰᠢᠯᠠᠨ᠂ ᠴᠦᠭᠦᠷᠠᠯᠳᠡ ᠦᠭᠡᠢ ᠴᠢᠷᠮᠠᠶᠢᠵᠤ᠂ ᠬᠠᠳᠠᠭᠤᠵᠢᠯᠳᠠᠢ ᠦᠢᠯᠡᠰ ᠪᠦᠳᠦᠭᠡᠬᠦ ᠲᠡᠮᠡᠴᠡᠯ ᠤᠨ ᠲᠡᠦᠭᠡ ᠶᠢ ᠲᠤᠭᠠᠴᠢᠨ᠎ᠠ᠃
 ᠲᠤ ᠦᠳᠡᠰᠢᠯᠡᠭᠡ ᠨᠢ ᠭᠤᠤᠯ ᠰᠡᠳᠤᠪ ᠨᠢ ᠲᠤᠳᠤᠷᠬᠠᠢ᠂ ᠬᠡᠯᠪᠡᠷᠢ ᠮᠠᠶ᠋ᠢᠭ ᠨᠢ ᠤᠯᠠᠨ ᠶᠠᠩᠵᠤ ᠪᠠᠶᠢᠵᠤ᠂ ᠴᠤ᠋ ᠰᠢᠨ᠎ᠡ ᠰᠢᠨᠵᠢᠯᠡᠬᠦ ᠮᠡᠷᠭᠡᠵᠢᠯ ᠤᠨ ᠬᠠᠷᠠᠭᠠᠨ ᠤ ᠰᠡᠷᠡᠯ ᠤᠨ ᠦᠵᠡᠭᠦᠯᠭᠡ ᠶᠢᠨ ᠠᠷᠭ᠎ᠠ ᠪᠠᠷ ᠠᠤᠭ᠎ᠠ ᠬᠡᠷᠡᠭ ᠤᠴᠢᠷ ᠢ ᠲᠤᠭᠠᠴᠢᠨ ᠶᠠᠷᠢᠭᠰᠠᠨ ᠮᠦᠷᠳᠡᠭᠡᠨ ᠵᠢᠵᠢᠭ ᠰᠠᠵᠢᠭ ᠶᠠᠪᠤᠳᠠᠯ ᠢ ᠬᠠᠪᠴᠢᠭᠤᠯᠤᠨ᠂ ᠭᠦᠨ ᠭᠦᠨᠵᠡᠭᠡᠢ ᠲᠡᠦᠬᠡ ᠶᠢᠨ ᠲᠦᠷᠦᠭᠳᠡᠯ ᠪᠠ ᠬᠤᠷᠴᠠ ᠴᠢᠩᠭ᠎ᠠ ᠴᠠᠭ ᠦᠶ᠎ᠡ ᠶᠢᠨ ᠦᠨᠦᠷ ᠠᠮᠳᠠ ᠶᠢ ᠪᠤᠢ ᠪᠤᠯᠭᠠᠪᠠ᠃
ᠤᠷᠤᠭᠰᠢ ᠲᠠᠪᠰᠢᠬᠤ ᠳᠤ ᠲᠦᠮᠡᠨ ᠤᠯᠠᠨ ᠢᠶᠠᠷ ᠢᠶᠠᠨ ᠭᠠᠷ ᠭᠠᠷ ᠢᠶᠠᠨ ᠬᠤᠯᠪᠤᠯᠴᠠᠵᠤ᠂ ᠭᠤᠶᠤ ᠰᠠᠶᠢᠬᠠᠨ ᠭᠡᠷ ᠤᠷᠤᠨ ᠢᠶᠠᠨ ᠬᠠᠮᠳᠤᠪᠠᠷ ᠢᠶᠠᠨ ᠪᠦᠳᠦᠭᠡᠨ ᠪᠠᠶᠢᠭᠤᠯᠵᠤ᠂ ᠭᠡᠷᠡᠯ ᠰᠠᠴᠤᠷᠠᠩᠭᠤᠢ ᠲᠠᠷᠳᠠᠩ ᠵᠠᠮ ᠢᠶᠠᠷ ᠵᠠᠮᠨᠠᠨ᠎ᠠ᠂ ᠬᠠᠮᠤᠭ ᠰᠡᠬᠦᠯ ᠳᠤ ︽ᠲᠠᠷᠳᠠᠩ ᠵᠠᠮ ᠲᠡᠭᠡᠷ᠎ᠡ︾ ᠸᠠᠯᠰ ᠪᠦᠵᠢᠭ ᠤᠨ ᠭᠤᠶᠤᠬᠠᠨ ᠠᠶᠢᠵᠢᠮ ᠲᠤᠮᠳᠠ ᠦᠳᠡᠰᠢᠯᠡᠭᠡ  ᠨᠢ ᠠᠮᠵᠢᠯᠳᠠ ᠲᠠᠢ ᠦᠨᠳᠦᠷᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号