| | ᠰᠤᠷᠪᠤᠯᠵᠢᠯᠠᠭᠴᠢ ᠶᠢᠨ ᠤᠶᠢᠯᠠᠭᠠᠭᠰᠠᠨ ᠢᠶᠠᠷ᠂ 2017ᠣᠨ ᠳᠤ᠂ ᠬᠠᠷᠠᠴᠢᠨ ᠬᠤᠰᠢᠭᠤ ᠨᠢ ︽ ᠠᠷᠪᠠᠨ | ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠠᠬᠢ ᠨᠤᠲᠤᠭ ᠰᠢᠯᠵᠢᠭᠦᠯᠦᠨ ᠶᠠᠳᠠᠭᠤ ᠶᠢ ᠲᠡᠳᠬᠦᠬᠦ ᠠᠵᠢᠯ ᠤᠨ | ᠡᠭᠦᠷᠭᠡ ᠪᠠᠨ ᠪᠦᠬᠦ ᠲᠠᠯ᠎ᠠ ᠪᠠᠷ ᠪᠡᠶᠡᠯᠡᠭᠦᠯᠪᠡ᠃ ᠲᠠᠷᠤᠢ ᠰᠢᠶᠤᠤ ᠨᠢᠤ ᠴᠦᠨ ᠪᠠᠯᠭᠠᠰᠤ ᠶᠢᠨ ᠭᠤᠸᠠᠨ ᠱᠠᠨ ᠭᠧᠦ | ᠲᠤᠰᠬᠤᠨ ᠪᠠ ᠵᠡᠭᠦᠨ ᠺᠠᠯᠠ ᠳᠤᠰᠬᠤᠨ᠂ ᠸᠠᠩ ᠤᠨ ᠤᠷᠳᠤᠨ ᠪᠠᠯᠭᠠᠰᠤ ᠶᠢᠨ ᠬᠠᠯᠠᠭᠠᠶᠢᠲᠤ ᠭᠤᠤ ᠳᠤᠰᠬᠤᠨ᠂ | ᠨᠠᠨ ᠲᠠᠶᠢᠽᠢ ᠰᠢᠶᠠᠩ ᠤᠨ ᠨᠠᠨ ᠲᠠᠶᠢᠽᠢ ᠳᠤᠰᠬᠤᠨ ᠵᠡᠷᠭᠡ ᠳᠦᠷᠪᠡᠨ ᠨᠣᠳᠤᠭ ᠰᠢᠯᠵᠢᠭᠦᠯᠬᠦ ᠪᠠᠷᠢᠯᠭ᠎ᠠ ᠶᠢᠨ | ᠠᠵᠢᠯ ᠢ ᠡᠬᠢᠯᠡᠨ ᠬᠡᠷᠡᠭᠵᠢᠭᠦᠯᠵᠦ᠂ 283 ᠡᠷᠦᠬᠡ ᠶᠢᠨ 765 ᠶᠠᠳᠠᠭᠤ ᠬᠦᠴᠢᠷᠳᠡᠯᠲᠡᠢ ᠬᠦᠮᠦᠨ ᠠᠮᠠ ᠪᠠ | ᠲᠠᠭᠠᠨ ᠰᠢᠯᠵᠢᠬᠦ 9 ᠡᠷᠦᠬᠡ ᠶᠢᠨ 33 ᠬᠦᠮᠦᠨ ᠠᠮᠠ ᠶᠢ ᠨᠡᠭᠦᠯᠭᠡᠨ ᠰᠢᠯᠵᠢᠬᠦᠯᠬᠦ ᠪᠠᠷ ᠲᠦᠯᠦᠪᠯᠡᠵᠡᠢ᠃ | ᠣᠳᠤ ᠪᠣᠯᠬᠤ ᠳᠤ᠂ ᠨᠢᠭᠡᠨᠲᠡ ᠨᠡᠭᠦᠨ ᠰᠢᠯᠵᠢᠭᠰᠡᠨ ᠡᠷᠦᠬᠡ ᠶᠢᠨ ᠨᠤᠷᠮ᠎ᠠ 96.6% ᠳᠤ ᠬᠦᠷᠴᠦ᠂ | ᠪᠤᠰᠤᠳ ᠳᠤᠰᠬᠤᠨ ᠤ ᠶᠠᠳᠠᠭᠤ ᠬᠦᠴᠢᠷᠳᠡᠯᠲᠡᠢ 20 ᠡᠷᠦᠬᠡ ᠶᠢᠨ 67 ᠬᠦᠮᠦᠨ ᠠᠮᠠ ᠶᠢ ᠰᠢᠯᠵᠢᠭᠦᠯᠦᠨ | ᠲᠦᠪᠬᠢᠨᠡᠭᠦᠯᠪᠡ᠃ ᠡᠨᠡᠬᠦ ᠲᠦᠷᠦᠯ ᠵᠦᠢᠯ ᠤᠨ ᠭᠡᠷ ᠪᠠᠷᠢᠯᠭ᠎ᠠ᠂ ᠤᠰᠤ ᠴᠠᠬᠢᠯᠭᠠᠨ ᠤᠷᠤᠭᠤᠯᠬᠤ ᠵᠡᠷᠭᠡ ᠠᠵᠢᠯ | ᠦᠨᠳᠦᠰᠦᠨ ᠲᠡᠭᠡᠨ ᠳᠠᠭᠤᠰᠪᠠ᠃ ᠵᠠᠮ ᠨᠡᠪᠲᠡᠷᠡᠯᠭᠡ ᠪᠠ ᠪᠤᠰᠤᠳ ᠰᠠᠭᠤᠷᠢ ᠲᠦᠬᠦᠭᠡᠷᠡᠮᠵᠢ ᠲᠦᠬᠦᠭᠡᠷᠦᠮᠵᠢ ᠶᠢᠨ | ᠪᠠᠷᠢᠯᠭ᠎ᠠ ᠶᠢᠨ ᠠᠵᠢᠯ ᠢ ᠢᠷᠡᠬᠦ ᠬᠠᠪᠤᠷ ᠡᠬᠢᠯᠡᠭᠦᠯᠬᠦ ᠪᠠᠷ ᠪᠠᠶᠢᠨ᠎ᠠ᠃ | | | |