ᠰᠤᠷᠤᠭᠴᠢ ᠶᠢ ᠲᠤᠲᠠᠭᠤ ᠰᠢᠭᠦᠮᠵᠢᠯᠡᠵᠤ ᠢᠯᠡᠭᠦᠦ ᠵᠤᠷᠢᠭᠵᠢᠭᠤᠯᠬᠤ ᠲᠤᠬᠠᠢ ᠮᠦᠴᠢᠳ ᠦᠭᠦᠯᠡᠬᠦ ᠨᠢ
ᠨᠡᠶᠢᠲᠡᠯᠡᠭᠰᠡᠨ ᠴᠠᠭ᠄
2017/12/31
    ᠰᠢᠭᠦᠮᠵᠢᠯᠡᠯ ᠪᠠ ᠵᠤᠷᠢᠭᠵᠢᠭᠤᠯᠤᠯ ᠨᠢ ᠪᠦᠷ ᠠᠳᠠᠯᠢ ᠪᠤᠰᠤ ᠶᠢᠨ ᠰᠤᠷᠭᠠᠨ ᠬᠦᠮᠦᠵᠢᠭᠦᠯᠬᠦ ᠠᠷᠭ᠎ᠠ ᠪᠠᠷᠢᠯ ᠪᠤᠯᠤᠨ᠎ᠠ᠃ ᠰᠢᠭᠦᠮᠵᠢᠯᠡᠯ ᠪᠠ ᠵᠤᠷᠢᠭᠵᠢᠭᠤᠯᠤᠯ ᠳᠤ ᠵᠦᠢ ᠵᠤᠬᠢᠰᠲᠠᠢ ᠰᠢᠭᠦᠮᠵᠢᠯᠡᠯ ᠴᠠᠭ ᠢᠮᠠᠭᠲᠠ ᠪᠠᠶᠢᠬᠤ ᠪᠠᠷ ᠪᠠᠷᠠᠬᠤ ᠦᠭᠡᠢ᠂ ᠵᠦᠢ ᠵᠤᠬᠢᠰᠲᠠᠢ ᠵᠤᠷᠢᠭᠵᠢᠭᠤᠯᠤᠯ ᠨᠢ ᠨᠡᠩ ᠴᠤ ᠴᠠᠭ ᠢᠮᠠᠭᠲᠠ ᠪᠠᠶᠢᠬᠤ ᠬᠡᠷᠡᠭᠲᠡᠢ᠃ ᠤᠳᠤ ᠶᠢᠨ ᠪᠤᠳᠠᠲᠠᠢ ᠪᠠᠶᠢᠳᠠᠯ ᠭᠡᠪᠡᠯ᠂ ᠤᠯᠠᠩᠬᠢ ᠪᠠᠭᠰᠢ ᠰᠤᠷᠤᠭᠴᠢᠳ ᠢ ᠰᠤᠷᠭᠠᠨ ᠬᠦᠮᠦᠵᠢᠭᠦᠯᠬᠦ ᠳᠡᠭᠡᠨ ᠰᠢᠭᠦᠮᠵᠢᠯᠡᠯ ᠢ ᠯᠡ ᠢᠯᠡᠭᠦᠦ ᠠᠪᠬᠤ ᠳᠤᠷᠠᠲᠠᠢ ᠪᠠᠶᠢᠵᠤ᠂ ᠵᠤᠷᠢᠭᠵᠢᠭᠤᠯᠤᠯ ᠢ ᠬᠠᠷᠢᠨ ᠴᠦᠬᠡᠨ ᠪᠤᠯᠭᠠᠵᠤ ᠪᠠᠶᠢᠨ᠎ᠠ᠂ ᠠᠷᠭ᠎ᠠ ᠮᠡᠶ᠋ᠢᠭ ᠢᠶᠠᠷ ᠵᠤᠬᠢᠰ ᠦᠭᠡᠢ ᠪᠠᠶᠢᠳᠠᠭ ᠰᠢᠭᠦᠮᠵᠢᠯᠡᠯ ᠨᠢ ᠰᠤᠷᠤᠭᠴᠢᠳ ᠤᠨ ᠰᠤᠷᠤᠯᠴᠠᠬᠤ ᠤᠷᠮ᠎ᠠ ᠶᠢ ᠨᠢ ᠬᠤᠭᠤᠯᠵᠤ᠂ ᠪᠠᠭᠰᠢ ᠰᠤᠷᠤᠭᠴᠢᠳ ᠤᠨ ᠬᠠᠷᠢᠴᠠᠭ᠎ᠠ ᠶᠢ ᠬᠡᠪ ᠤᠨ ᠪᠤᠰᠤ ᠪᠠᠶᠢᠳᠠᠯ ᠳᠤ ᠤᠷᠤᠭᠤᠯᠳᠠᠭ ᠲᠤᠯᠠ ᠠᠪᠴᠤ ᠪᠤᠯᠤᠰᠢ ᠦᠭᠡᠢ ᠠᠵᠢᠯᠯᠠᠭ᠎ᠠ ᠪᠤᠯᠬᠤ ᠶᠤᠮ᠃     ᠨᠢᠭᠡ᠂ ᠠᠵᠢᠯᠯᠠᠬᠤ ᠭᠡᠷ ᠲᠡᠭᠡᠨ ᠠᠪᠠᠴᠢᠵᠤ ᠠᠰᠠᠭᠤᠯᠲᠠ ᠶᠢᠨ ᠮᠡᠶ᠋ᠢᠭ ᠢᠶᠠᠷ ᠰᠢᠭᠦᠮᠵᠢᠯᠡᠳᠡᠭ᠃ ᠪᠠᠭᠰᠢ ᠠᠴᠠ ᠨᠢᠭᠡ ᠪᠤᠶᠤ ᠬᠡᠳᠦᠨ ᠰᠤᠷᠤᠭᠴᠢ ᠶᠢᠨ ᠠᠯᠳᠠᠭ᠎ᠠ ᠳᠤᠲᠠᠭᠳᠠᠯ ᠭᠠᠷᠭᠠᠭᠰᠠᠨ ᠢ ᠰᠤᠨᠤᠰᠤᠮᠠᠭᠴᠠ ᠠᠩᠬᠢ ᠶᠢᠨ ᠳᠠᠷᠤᠭ᠎ᠠ ᠪᠠᠷ ᠢᠶᠠᠨ ᠳᠠᠭᠤᠳᠠᠭᠤᠯᠵᠤ᠂ ᠰᠤᠷᠤᠭᠴᠢ ᠲᠠᠢ ᠨᠢᠭᠤᠷ ᠤᠴᠠᠷᠠᠮᠠᠭᠴᠠ᠄ ︽ᠴᠢ ᠶᠠᠭᠤᠨ ᠳᠤ ᠢᠩᠬᠢᠵᠤ ᠠᠭᠠᠰᠢᠯᠠᠵᠤ ᠪᠠᠶᠢᠬᠤ ᠪᠤᠢ︖ ᠢᠩᠬᠢᠬᠡᠳ ᠲᠠᠭᠠᠷᠠᠬᠤ ᠤᠤ︖ ᠁︾ ᠭᠡᠵᠤ ᠤᠭᠰᠠᠷᠠᠭᠤᠯᠤᠨ ᠠᠰᠠᠭᠤᠵᠤ᠂ ᠴᠢᠷᠠᠢ ᠪᠠᠷᠦ᠋ᠢᠯᠭᠠᠨ ᠰᠢᠭᠦᠮᠵᠢᠯᠡᠳᠡᠭ᠃ ᠡᠨᠡ ᠨᠢ ᠬᠡᠷᠡᠭ ᠳᠡᠭᠡᠷ᠎ᠡ ᠪᠠᠨ ᠠᠭᠠᠰᠢᠯᠠᠭᠰᠠᠨ ᠰᠤᠷᠤᠭᠴᠢ ᠶᠢ ᠲᠤᠬᠠᠢ ᠶᠢᠨ ᠴᠠᠭ ᠲᠤᠨᠢ ᠤᠯᠠᠨ ᠤ ᠳᠤᠮᠳᠠ ᠠᠴᠠ ᠪᠠᠶᠢᠴᠠᠭᠠᠨ ᠰᠤᠳᠤᠯᠤᠭᠰᠠᠨ ᠦᠭᠡᠢ ᠲᠤᠯᠠ ᠪᠠᠭᠰᠢ ᠠᠰᠠᠭᠤᠨ ᠰᠤᠷᠤᠭᠴᠢ ᠬᠠᠷᠢᠭᠤᠯᠤᠨ ᠬᠡᠷᠡᠭ ᠶᠠᠪᠤᠳᠠᠯ ᠲᠤᠳᠤᠷᠬᠠᠢ ᠦᠭᠡᠢ ᠪᠤᠯᠳᠠᠭ᠃ ᠵᠠᠷᠢᠮ ᠳᠠᠭᠠᠨ ᠬᠡᠯᠡ ᠠᠮᠠ ᠨᠢ ᠬᠤᠷᠴᠠ ᠰᠢᠭ᠋ ᠰᠤᠷᠤᠭᠴᠢ ᠬᠡᠷᠡᠭ ᠢ ᠪᠤᠰᠤᠳ ᠤᠨ ᠵᠦᠭ ᠲᠦᠯᠬᠢᠵᠤ᠂ ᠪᠠᠯᠠᠷᠬᠠᠢ ᠪᠤᠯᠭᠠᠨ ᠬᠠᠶᠠᠵᠤ᠂ ᠰᠤᠷᠤᠭᠴᠢ ᠰᠤᠷᠤᠭᠴᠢ ᠬᠤᠭᠤᠷᠤᠨᠳᠤ ᠪᠠᠨ ᠶᠠᠮᠠᠷ ᠨᠢᠭᠡᠨ ᠪᠤᠷᠤᠭᠤ ᠶᠠᠪᠤᠳᠠᠯ ᠢ ᠬᠦᠯᠢᠶᠡᠨ ᠠᠪᠬᠤ ᠬᠦᠮᠦᠨ ᠦᠭᠡᠢ ᠪᠤᠯᠵᠤ ᠮᠠᠷᠭᠤᠭᠠᠨ ᠡᠭᠦᠰᠴᠤ ᠡᠬᠢᠯᠡᠳᠡᠭ᠃ ᠢᠩᠬᠢᠬᠦ ᠲᠤᠰᠤᠮ ᠪᠠᠭᠰᠢ ᠠᠴᠠ ᠤᠯᠠᠮ ᠰᠠᠨᠳᠤᠷᠴᠤ᠄ ︽ᠴᠤᠬᠤᠮ ᠬᠡᠨ ᠨᠢ ᠤᠷᠢᠳᠠᠪᠠᠷ ᠬᠡᠷᠡᠭ ᠢ ᠰᠡᠳᠦᠭᠰᠡᠨ ᠪᠤᠢ︖︾ ᠭᠡᠵᠤ ᠮᠦᠨ ᠯᠡ ᠠᠰᠠᠭᠤᠯᠲᠠ ᠲᠤᠷᠠᠳᠤᠨ ᠡᠬᠢᠯᠡᠳᠡᠭ᠃ ᠡᠰᠡᠭᠦᠯ᠎ᠡ ᠶᠠᠷᠦ ᠶᠢᠨ ᠴᠠᠭ ᠠᠯᠢᠶ᠎ᠠ ᠰᠢᠭ᠋ ᠰᠤᠷᠤᠭᠴᠢ ᠶᠢ ᠡᠨᠡ ᠤᠳᠠᠭᠠᠨ ᠤ ᠬᠢᠨ ᠵᠦᠪ ᠪᠤᠷᠤᠭᠤ ᠶᠢ ᠬᠠᠶᠢᠬᠤᠷᠤᠯ ᠦᠭᠡᠢ ︽ᠪᠠᠰᠠ ᠯᠡ ᠴᠢ ᠬᠡᠷᠡᠭ ᠢ ᠲᠠᠳᠠᠪᠠ︖︾ ᠭᠡᠵᠤ ᠨᠢᠭᠡᠨ ᠳ᠋ᠦᠩᠨᠡᠯᠲᠡ ᠦᠭᠴᠢᠭᠡᠳᠡᠭ᠃ ᠬᠤᠷᠴᠠ ᠰᠢᠷᠦᠭᠦᠨ ᠠᠰᠠᠭᠤᠯᠲᠠ ᠬᠠᠷᠢᠭᠤᠯᠲᠠ ᠶᠢᠨ ︽ᠰᠢᠭᠦᠯᠲᠡ︾ ᠪᠠᠷ ᠳᠠᠮᠵᠢᠵᠤ᠂ ᠬᠡᠷᠡᠭ ᠶᠠᠪᠤᠳᠠᠯ ᠪᠠᠭ᠋ᠠᠨ ᠲᠤᠳᠤᠷᠬᠠᠢ ᠪᠤᠯᠤᠭᠰᠠᠨ ᠤ ᠰᠡᠭᠦᠯᠡᠷ᠂ ᠴᠦᠬᠡᠨ ᠪᠤᠰᠤ ᠪᠠᠭᠰᠢ ᠠᠴᠠ ᠠᠯᠳᠠᠭ᠎ᠠ ᠶᠡᠬᠡᠲᠡᠢ ᠰᠤᠷᠤᠭᠴᠢ ᠶᠢ ᠶᠡᠷᠦᠩᠬᠡᠢ ᠳᠡᠭᠡᠨ ︽ᠨᠢᠰᠤ ᠪᠠᠨ ᠭᠤᠭᠤᠵᠢᠭᠤᠯᠤᠭᠠᠳ᠂ ᠲᠤᠯᠤᠭᠠᠢ ᠤᠨᠵᠢᠢᠯᠭᠠᠭᠠᠳ ᠁︾᠂ ︽ᠳᠦᠷᠪᠡᠨ ᠮᠦᠴᠢ ᠴᠢᠨᠢ ᠬᠦᠭᠵᠢᠬᠦ ᠠᠴᠠ ᠪᠢᠰᠢ ᠲᠠᠷᠢᠬᠢ ᠨᠢ ᠬᠦᠭᠵᠢᠬᠦ ᠦᠭᠡᠢ ᠁︾ ᠭᠡᠵᠤ ᠰᠢᠭᠦᠮᠵᠢᠯᠡᠬᠦ ᠪᠤᠶᠤ ᠡᠰᠡᠭᠦᠯ᠎ᠡ ᠦᠭᠡ ᠳᠠᠭᠤᠨ ᠦᠭᠡᠢ ᠪᠠᠷ ᠠᠯᠪᠠᠨ ᠭᠡᠷ ᠤᠨ ᠢᠶᠠᠨ ᠭᠤᠳᠤᠮᠵᠢ ᠳᠤ ᠤᠷᠳᠤ ᠴᠠᠭ ᠢᠶᠠᠷ ᠵᠤᠭᠰᠤᠭᠠᠬᠤ᠂ ᠪᠠᠭᠰᠢ ᠨᠠᠷ ᠤᠨ ᠡᠮᠦᠨ᠎ᠡ ᠰᠢᠨ᠎ᠡ ᠬᠠᠭᠤᠴᠢᠨ ᠶᠠᠷ᠎ᠠ ᠰᠢᠷᠬ᠎ᠠ ᠶᠢ ᠨᠢ ᠮᠠᠯᠲᠠᠵᠤ ᠨᠢᠭᠤᠷ ᠢ ᠨᠢ ᠤᠯᠠᠶᠢᠯᠭᠠᠵᠤ ᠨᠠᠰᠢ ᠴᠠᠰᠢ ᠴᠢᠴᠢᠵᠤ ᠮᠠᠭᠤ ᠤᠪᠤᠷ ᠢᠶᠠᠷ ᠬᠠᠨᠳᠤᠳᠠᠭ᠃ ᠳᠡᠭᠡᠷᠡᠬᠢ ᠮᠡᠲᠤ ᠶᠢᠨ ᠦᠵᠡᠭᠳᠡᠯ ᠢ ᠰᠤᠷᠭᠠᠨ ᠬᠦᠮᠦᠵᠢᠯ ᠤᠨ ᠬᠠᠮᠢᠶ᠎ᠠ ᠪᠦᠬᠦᠢ ᠨᠤᠮ ᠪᠢᠴᠢᠭ ᠲᠤ ᠠᠯᠢ ᠬᠡᠳᠦ᠋ᠢᠨ ᠦᠭᠡᠶᠢᠰᠬᠡᠬᠦ ᠬᠡᠷᠡᠭᠲᠡᠢ ᠭᠡᠵᠤ ᠳᠤᠲᠤᠷᠬᠠᠢ ᠳᠤᠷᠠᠳᠴᠤ ᠦᠩᠭᠡᠷᠡᠭᠰᠡᠨ ᠪᠤᠯᠪᠠᠴᠤ ᠡᠶᠢᠮᠦᠷᠭᠦ ᠦᠵᠡᠭᠳᠡᠯ ᠤᠳᠤ ᠪᠤᠯᠲᠠᠯ᠎ᠠ ᠤᠭ ᠦᠨᠳᠦᠰᠦ ᠨᠢ ᠲᠠᠰᠤᠷᠠᠭᠠᠳᠦᠢ ᠮᠦᠨ ᠯᠡ ᠨᠡᠶᠢᠳᠡᠮ ᠤᠷᠤᠰᠢᠭᠰᠠᠭᠠᠷ ᠪᠠᠶᠢᠯ᠎ᠠ᠃ ᠪᠠᠭᠰᠢ ᠠᠴᠠ ᠬᠠᠮᠤᠭ ᠡᠴᠤᠰ ᠲᠤ᠄ ︽ᠳᠠᠬᠢᠵᠤ ᠢᠩᠬᠢᠵᠤ ᠪᠤᠯᠬᠤ ᠦᠭᠡᠢ︕ ᠴᠢᠩᠬᠢᠵᠤ ᠪᠤᠯᠬᠤ ᠦᠭᠡᠢ︕︾᠂ ︽ᠠᠩᠬᠠᠨ ᠳᠠᠭᠠᠨ ᠰᠤᠷᠤᠯᠭ᠎ᠠ ᠴᠢᠨᠢ ᠨᠡᠯᠢᠶᠡᠳ ᠵᠦᠭᠡᠷ ᠪᠠᠶᠢᠭᠰᠠᠨ ᠶᠤᠮ᠂ ᠤᠳᠤ ᠠᠭᠠᠰᠢᠯᠠᠭᠰᠠᠭᠠᠷ ᠪᠠᠶᠢᠭᠠᠳ ᠳᠡᠭᠡᠷ᠎ᠡ ᠤᠳᠠᠭᠠᠨ ᠤ ᠰᠢᠯᠭᠠᠯᠲᠠ ᠠᠴᠠ ᠪᠠᠨ ᠮᠠᠭᠤ ᠰᠢᠯᠭᠠᠭᠰᠠᠨ ᠦᠭᠡᠢ ᠤᠤ︖︾ ᠁ ᠭᠡᠬᠦ ᠮᠡᠲᠤ ᠶᠢᠨ ᠬᠠᠭᠠᠰ ᠰᠢᠭᠦᠮᠵᠢᠯᠡᠯ ᠬᠠᠭᠠᠰ ᠵᠤᠷᠢᠭᠵᠢᠭᠤᠯᠤᠯ ᠭᠡᠮᠡᠷ ᠶᠠᠭᠤᠮ᠎ᠠ ᠬᠡᠯᠡᠭᠡᠳ ᠠᠩᠬᠢ ᠳᠤᠨᠢ ᠪᠤᠴᠠᠭᠠᠴᠢᠬᠠᠳᠠᠭ᠃      ᠬᠤᠶᠠᠷ᠂ ᠬᠢᠴᠢᠶᠡᠯ ᠤᠨ ᠴᠠᠭ ᠵᠤᠬᠢᠰ ᠦᠭᠡᠢ ᠦᠬᠡᠰ ᠢᠶᠠᠷ ᠰᠢᠭᠦᠮᠵᠢᠯᠡᠳᠡᠭ᠃ ᠵᠠᠷᠢᠮ ᠪᠠᠭᠰᠢ ᠠᠴᠠ ᠠᠰᠠᠭᠤᠳᠠᠯ ᠢ ᠬᠠᠷᠢᠭᠤᠯᠵᠤ ᠴᠢᠳᠠᠬᠤ ᠦᠭᠡᠢ ᠪᠤᠶᠤ ᠡᠰᠡᠭᠦᠯ᠎ᠡ ︽ᠪᠠᠭ᠎ᠠ ᠬᠦᠳᠡᠯᠭᠡᠭᠡᠨ︾ ᠬᠢᠵᠤ ᠪᠠᠶᠢᠭ᠎ᠠ ᠰᠤᠷᠤᠭᠴᠢ ᠶᠢ ᠬᠢᠴᠢᠶᠡᠯ ᠤᠨ ᠴᠠᠭ ᠲᠤ ᠲᠡᠷᠡ ᠲᠡᠷᠤᠢ ᠳᠤᠨᠢ ᠨᠡᠷ᠎ᠡ ᠵᠢᠭᠠᠵᠤ ᠵᠤᠭᠰᠤᠭᠠᠨ ᠰᠢᠭᠦᠮᠵᠢᠯᠡᠳᠡᠭ᠃ ᠵᠢᠱᠢᠶᠡᠯᠡᠪᠡᠯ᠄ ︽ᠴᠢ ᠶᠠᠭᠠᠬᠢᠭᠠᠳ ᠬᠡᠯᠡᠭᠡᠳ ᠮᠡᠳᠡᠭᠦ ᠦᠭᠡᠢ ᠪᠤᠢ︖︾᠂ ︽ᠶᠠᠭᠠᠬᠢᠵᠤ ᠠᠭᠠᠰᠢᠯᠠᠵᠤ ᠪᠠᠶᠢᠬᠤ ᠪᠤᠢ︾ ᠁ ᠭᠡᠵᠤ ᠨᠢᠭᠡ ᠵᠡᠷᠭᠡ ᠠᠰᠠᠭᠤᠴᠢᠬᠠᠭᠠᠳ ᠦᠷᠭᠦᠯᠵᠢᠯᠡᠨ ᠬᠢᠴᠢᠶᠡᠯ ᠲᠠᠶᠢᠯᠪᠦᠷᠢᠯᠠᠬᠤ ᠶᠢᠨ ᠳᠠᠭᠠᠤ ᠲᠡᠳᠡᠭᠡᠷ ᠰᠤᠷᠤᠭᠴᠢ ᠠᠴᠠ ᠵᠤᠷᠢᠭᠤᠳᠠ ᠶᠠᠮᠠᠷ ᠨᠢᠭᠡᠨ ᠠᠰᠠᠭᠤᠳᠠᠯ ᠢ ᠠᠰᠠᠭᠤᠭᠠᠳ ᠠᠪᠳᠠᠭ᠃ ᠬᠠᠷᠢᠭᠤᠯᠤᠭᠠᠳ ᠴᠢᠳᠠᠴᠢᠬᠠᠪᠠᠯ ᠪᠠᠰᠠ ᠭᠠᠶᠢᠭᠤᠢ᠂ ᠬᠡᠷᠪᠡ ᠬᠠᠷᠢᠭᠤᠯᠵᠤ ᠴᠢᠳᠠᠬᠤ ᠦᠭᠡᠢ ᠪᠤᠯ ᠪᠠᠭᠰᠢ ᠠᠴᠠ ᠠᠭᠤᠷ ᠪᠠᠳᠠᠷᠠᠨ᠄ ︽ᠬᠢᠵᠤ ᠪᠠᠶᠢᠭ᠎ᠠ ᠠᠰᠠᠭᠤᠳᠠᠯ ᠢᠶᠠᠨ ᠦᠵᠡ︕︾᠂ ︽ᠶᠠᠭᠤ ᠴᠤ ᠴᠢᠳᠠᠬᠤ ᠦᠭᠡᠢ ᠪᠠᠶᠢᠭᠠᠳ ᠠᠭᠠᠰᠢᠯᠠᠬᠤ ᠶᠢ ᠯᠡ ᠮᠡᠳᠡᠨ᠎ᠡ︕︾ ᠁ ᠭᠡᠵᠤ ᠠᠭᠰᠤᠮᠨᠠᠨ ᠭᠠᠷᠳᠠᠭ᠃ ᠦᠨᠡᠨ ᠳᠡᠭᠡᠨ ᠠᠩᠬ᠎ᠠ ᠵᠡᠷᠭᠡ ᠪᠠ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠬᠢᠴᠢᠶᠡᠯ ᠤᠨ ᠴᠠᠭ ᠲᠤ ᠰᠡᠳᠬᠢᠯ ᠲᠦᠪᠯᠡᠷᠡᠵᠤ ᠰᠤᠨᠤᠰᠬᠤ ᠬᠤᠭᠤᠴᠠᠭ᠎ᠠ ᠶᠢ ᠵᠦᠪᠬᠡᠨ 15- 20 ᠮᠢᠨᠦ᠋ᠲ ᠯᠡ ᠪᠠᠶᠢᠳᠠᠭ ᠭᠡᠳᠡᠭ ᠢ ᠰᠠᠨᠠᠭᠠᠨ ᠳᠠᠭᠠᠨ ᠠᠪᠬᠤ ᠬᠡᠷᠡᠭᠲᠡᠢ᠃ ᠶᠠᠭ ᠢᠶᠢᠮᠦ ᠠᠴᠠ ᠪᠠᠭ᠎ᠠ ᠬᠡᠤᠬᠡᠳ ᠤᠨ ᠵᠤᠬᠢᠬᠤ ᠬᠡᠪᠴᠢᠶᠡᠨ ᠲᠤᠳᠤᠷ᠎ᠠ ︽ᠪᠠᠭ᠎ᠠ ᠬᠦᠳᠡᠯᠭᠡᠭᠡᠨ︾ ᠬᠢᠬᠦ ᠶᠢ ᠵᠦᠪᠰᠢᠶᠡᠷᠡᠬᠦ ᠪᠤᠯ ᠵᠤᠬᠢᠰᠲᠠᠢ ᠬᠡᠷᠡᠭ ᠶᠤᠮ᠃ ᠡᠨᠡᠬᠦ ᠤᠬᠤᠷᠬᠠᠨ ᠬᠤᠭᠤᠴᠠᠭᠠᠨ ᠲᠤᠳᠤᠷ᠎ᠡ ᠤᠯᠠᠮᠵᠢᠯᠠᠬᠤ ᠮᠡᠳᠡᠯᠭᠡ ᠪᠠᠨ ᠤᠯᠠᠮᠵᠢᠯᠠᠬᠤ ᠦᠭᠡᠢ ᠰᠢᠭᠦᠮᠵᠢᠯᠡᠯᠲᠡ ᠪᠠ ᠲᠡᠶᠢᠯᠪᠦᠷᠢᠯᠠᠯᠲᠠ ᠶᠢᠨ ᠬᠤᠯᠢᠮᠠᠭ ᠴᠠᠭ ᠪᠤᠯᠭᠠᠬᠤ ᠳᠤ ᠬᠦᠷᠪᠡᠯ ᠬᠢᠴᠢᠶᠡᠯ ᠴᠢᠨᠢ ᠦᠨᠡᠭᠡᠷ ᠭᠠᠰᠢᠭᠤᠨ ᠴᠤ ᠪᠢᠰᠢ ᠰᠢᠬᠢᠷᠯᠢᠭ ᠴᠤ ᠪᠢᠰᠢ ᠪᠤᠯᠬᠤ ᠨᠢ ᠭᠠᠷᠴᠠᠭ᠎ᠠ ᠦᠭᠡᠢ ᠶᠤᠮ᠃ ᠬᠢᠴᠢᠶᠡᠯ ᠤᠨ ᠴᠠᠭ ᠲᠤ ᠠᠩᠬᠠᠷᠤᠯ ᠨᠢ ᠲᠦᠪᠯᠡᠷᠡᠬᠦ ᠦᠭᠡᠢ ᠪᠠᠶᠢᠭ᠎ᠠ ᠠᠯᠢᠶ᠎ᠠ ᠰᠤᠷᠤᠭᠴᠢᠳ ᠢ ᠶᠠᠮᠠᠷ ᠨᠢᠭᠡ ᠤᠷᠠᠯᠢᠭ ᠠᠷᠭ᠎ᠠ ᠪᠠᠷ ᠪᠡᠶ᠎ᠡ ᠦᠭᠡᠳᠡ ᠪᠠᠨ ᠲᠡᠳᠡᠵᠤ᠂ ᠲᠡᠳᠡᠨᠠᠷ ᠢ ᠪᠠᠶᠠᠰᠤᠩᠭᠤᠢ᠂ ᠵᠤᠷᠢᠭᠵᠢᠭᠤᠯᠬᠤ ᠪᠠᠷ ᠭᠤᠤᠯ ᠪᠤᠯᠭᠠᠵᠤ ᠵᠢᠭᠠᠬᠤ ᠪᠤᠯ ᠪᠠᠭᠰᠢ ᠪᠤᠯᠤᠭᠰᠠᠳ ᠤᠨ ᠴᠢᠳᠠᠪᠦᠷᠢ ᠶᠢᠨ ᠠᠰᠠᠭᠤᠳᠠᠯ ᠮᠦᠨ᠃ ᠪᠠᠭᠰᠢ ᠵᠤᠷᠢᠯᠭ᠎ᠠ ᠲᠠᠢ ᠪᠠᠷ ᠦᠯᠡᠮᠵᠢ ᠮᠡᠳᠡᠯᠭᠡ ᠳᠡᠭᠡᠨ ᠲᠦᠰᠢᠭᠯᠡᠨ ᠲᠠᠳᠡᠨ ᠳᠤ ᠬᠦᠮᠦᠨ ᠪᠤᠯᠬᠤ ᠶᠢᠨ ᠬᠦᠨ ᠬᠦᠨᠵᠡᠭᠡᠢ ᠶᠤᠰᠤ ᠤᠴᠢᠷ ᠢ ᠲᠠᠶᠢᠯᠪᠦᠷᠢᠯᠠᠨ ᠦᠭᠴᠤ᠂ ᠦᠨᠡᠨᠬᠦ ᠲᠡᠳᠡᠨ ᠢ ᠪᠢᠰᠢᠷᠡᠭᠦᠯᠵᠤ᠂ ᠰᠡᠳᠬᠢᠯ ᠤᠨ ᠬᠦᠪᠴᠢ ᠶᠢ ᠨᠢ ᠲᠤᠷᠬᠢᠭᠤᠯᠵᠤ ᠴᠢᠳᠠᠭᠰᠠᠨ ᠪᠠᠶᠢᠪᠠᠯ ᠰᠠᠶ᠋ᠢ ᠲᠡᠳᠡᠨ ᠤ ᠲᠤᠳᠤᠭᠠᠳᠤ ᠰᠡᠳᠬᠢᠯᠭᠡ ᠳᠤᠨᠢ ᠬᠤᠪᠢᠷᠠᠯᠲᠠ ᠭᠠᠷᠭᠠᠵᠤ᠂ ᠤᠬᠠᠮᠰᠠᠷᠲᠤ ᠴᠢᠨᠠᠷ ᠢ ᠨᠢ ᠳᠡᠭᠡᠭᠰᠢᠯᠡᠭᠦᠯᠵᠤ᠂ ᠪᠦᠬᠦ ᠲᠠᠯ᠎ᠠ ᠪᠠᠷ ᠬᠦᠮᠦᠵᠢᠭᠳᠡᠭᠰᠡᠨ ᠴᠢᠳᠠᠪᠦᠷᠢᠲᠠᠨ ᠪᠤᠯᠭᠠᠵᠤ ᠴᠢᠳᠠᠨ᠎ᠠ ᠭᠡᠰᠡᠨ ᠢ ᠪᠠᠭᠰᠢ ᠪᠤᠯᠤᠭᠰᠠᠳ ᠠᠩᠬᠠᠷᠤᠯ ᠳᠠᠭᠠᠨ ᠠᠪᠤᠪᠠᠯ ᠵᠤᠬᠢᠨ᠎ᠠ᠃ ︵ᠪᠠ᠊ · ᠤᠳᠽᠠᠷ︶
 
ᠢᠷᠡᠯᠲᠡ᠄ ᠤᠯᠠᠭᠠᠨᠬᠠᠳᠠ ᠶᠢᠨ ᠵᠠᠰᠠᠭ ᠤᠨ ᠤᠷᠳᠤᠨ ᠤ ᠮᠤᠩᠭᠤᠯ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号