| | | | ᠤᠷᠴᠢᠮ ᠤᠨ ᠵᠢᠯ ᠤᠳ ᠲᠤ ᠮᠠᠨ ᠤ ᠤᠷᠤᠨ ᠳᠤ ᠬᠤᠷ᠎ᠠ ᠪᠤᠷᠤᠭᠠᠨ ᠪᠠᠭ᠎ᠠ᠂ ᠭᠠᠩ ᠬᠠᠭᠤᠷᠠᠢ᠂ ᠰᠠᠯᠭᠢᠨ | ᠶᠡᠭᠡ ᠂ ᠤᠷᠭᠤᠮᠠᠯ ᠤᠨ ᠪᠦᠷᠭᠦᠴᠡ ᠡᠪᠳᠡᠭᠳᠡᠭᠰᠡᠨ ᠵᠡᠷᠭᠡ ᠰᠢᠯᠳᠠᠭᠠᠨ ᠠᠴᠠ ᠪᠤᠯᠵᠤ᠂ ᠤᠯᠠᠩᠭᠢ ᠰᠢᠮ᠎ᠡ ᠲᠡᠵᠢᠭᠡᠯᠳᠤ | ᠡᠪᠡᠰᠤ ᠤᠷᠭᠤᠮᠠᠯ ᠤᠷᠭᠤᠬᠤ ᠪᠠᠨ ᠪᠤᠯᠢᠬᠰᠠᠨ ᠪᠠᠶᠢᠨ᠎ᠠ᠃ ᠮᠦᠨ ᠡᠭᠦᠨ ᠠᠴᠠ ᠪᠤᠯᠵᠤ ᠦᠭᠡᠷ ᠰᠦᠷᠦᠭ ᠤᠨ | ᠳᠤᠮᠳᠠ ᠶᠠᠰᠤ ᠵᠦᠭᠡᠯᠡᠷᠡᠭᠦ ᠭᠡᠮ ᠤᠯᠠᠨ ᠭᠠᠷᠬᠤ ᠪᠤᠯᠵᠠᠢ᠃ | ᠡᠪᠡᠳᠴᠢᠨ ᠤ ᠰᠢᠯᠳᠠᠭᠠᠨ᠄ ᠤᠷᠳᠤ ᠬᠤᠭᠤᠴᠠᠭ᠎ᠠ ᠪᠠᠷ ᠹᠤᠰᠹᠤᠷ᠂ ᠺᠠᠯᠼ ᠲᠤᠳᠠᠬᠤ ᠪᠤᠶᠤ ᠹᠤᠰᠹᠤᠷ᠂ | ᠺᠠᠯᠼ ᠤᠨ ᠬᠠᠷᠢᠴᠠᠯ ᠨᠢ ᠲᠡᠩᠴᠡᠭᠦᠷᠢ ᠪᠠᠨ ᠠᠯᠳᠠᠬᠤ ᠠᠴᠠ ᠪᠤᠯᠵᠤ ᠶᠠᠰᠤ ᠵᠦᠭᠡᠯᠡᠷᠡᠭᠦ ᠭᠡᠮ ᠡᠭᠦᠰᠳᠡᠭ᠃ ᠲᠠᠷᠤᠢ | ᠤᠳᠤᠷᠯᠠᠨ ᠶᠠᠪᠤᠬᠤ ᠭᠠᠵᠠᠷ ᠦᠭᠡᠢ᠂ ᠳᠤᠬᠳᠠᠬᠰᠠᠨ ᠭᠠᠵᠠᠷ ᠲᠠᠭᠠᠨ ᠤᠷᠳᠤ ᠬᠤᠭᠤᠴᠠᠭ᠎ᠠ ᠮᠠᠯᠵᠢᠬᠤ᠂ ᠲᠡᠵᠢᠭᠡᠯ | ᠪᠤᠷᠳᠤᠭ᠎ᠠ᠂ ᠤᠷᠭᠤᠮᠠᠯ ᠤᠨ ᠲᠤᠳᠤᠷ᠎ᠠ ᠸᠢᠲ᠋ᠠᠮᠢᠨ ᠲᠤᠳᠠᠭᠳᠠᠬᠤ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠴᠢᠩᠭᠠᠷᠠᠬᠤ | ᠵᠡᠷᠭᠡ ᠠᠴᠠ ᠪᠤᠯᠵᠤ ᠮᠦᠨ ᠡᠭᠦᠰᠳᠡᠭ᠃ ᠡᠭᠦᠨ ᠠᠴᠠ ᠭᠠᠳᠠᠨ᠎ᠠ ᠬᠤᠳᠤᠭᠤᠳᠤ ᠭᠡᠳᠡᠰᠤᠨ ᠤ ᠠᠵᠢᠯᠯᠠᠭ᠎ᠠ | ᠰᠤᠯᠠᠷᠠᠬᠤ ᠂ ᠤᠳᠠᠭᠠᠨ ᠴᠢᠨᠠᠷᠳᠠᠢ ᠰᠢᠩᠭᠡᠭᠡᠯᠳᠡ ᠮᠠᠭᠤᠳᠠᠬᠤ ᠵᠡᠷᠭᠡ ᠠᠴᠠ ᠪᠤᠯᠵᠤ ᠮᠦᠨ ᠳᠤᠰ ᠡᠪᠡᠳᠴᠢᠨ | ᠡᠭᠦᠰᠳᠡᠭ᠃ | ᠰᠢᠨᠵᠢ ᠲᠡᠮᠳᠡᠭ᠄ ᠠᠭᠠᠵᠢᠮ ᠢᠶᠠᠷ ᠡᠴᠡᠵᠤ ᠲᠤᠷᠠᠭᠠᠳ ᠭᠦᠳᠡᠯᠭᠦ ᠲᠤᠷ᠎ᠠ ᠦᠭᠡᠢ ᠭᠡᠪᠳᠡᠭᠦ᠂ ᠨᠢᠷᠤᠭᠤ | ᠭᠦᠯ ᠨᠢ ᠭᠦᠰᠢᠭᠦᠨ ᠪᠤᠯᠬᠤ᠂ ᠠᠮᠠᠷᠬᠠᠨ ᠶᠠᠳᠠᠷᠠᠵᠤ ᠭᠦᠯᠦᠷᠡᠭᠦ᠂ ᠭᠡᠨᠡᠳᠳᠡ ᠪᠠᠷ ᠪᠠᠶᠢᠨ ᠪᠠᠶᠢᠨ ᠲᠤᠭᠤᠯᠬᠤ | ᠪᠠᠶᠢᠳᠠᠯ ᠲᠠᠢ᠃ ᠡᠪᠡᠳᠴᠢᠨ ᠨᠢ ᠭᠦᠨᠳᠤᠷᠠᠭᠦ ᠶᠢ ᠲᠠᠭᠠᠯᠳᠤᠨ ᠲᠤᠯᠤᠭᠠᠢ ᠨᠢ ᠬᠠᠪᠤᠳᠬᠤ᠂ ᠲᠠᠩᠨᠠᠢ ᠨᠢ | ᠬᠤᠳᠦ᠋ᠢᠭᠠᠳ ᠨᠠᠷᠢᠨ ᠰᠤᠪᠠᠭ ᠭᠠᠷᠬᠤ᠂ ᠪᠦᠷ ᠰᠡᠭᠦᠯ ᠳᠡᠭᠡᠨ ᠦᠶ᠎ᠡ ᠭᠡᠰᠢᠭᠦᠤ ᠨᠢ ᠬᠠᠪᠤᠳᠤᠨ ᠪᠦᠳᠦᠭᠦᠷᠡᠭᠦ᠂ | ᠲᠦᠷᠪᠡᠨ ᠮᠦᠴᠢ ᠪᠤᠯᠤᠨ ᠨᠢᠷᠤᠭᠤᠨ ᠤ ᠶᠠᠰᠤ ᠨᠢ ᠮᠤᠷᠦ᠋ᠢᠵᠤ᠂ ᠬᠠᠪᠢᠷᠭᠠᠨ ᠤ ᠶᠠᠰᠤ ᠨᠢ ᠲᠡᠭᠰᠢᠷᠡᠨ | ᠬᠠᠪᠳᠠᠭᠠᠢᠢᠷᠠᠵᠤ᠂ ᠶᠠᠰᠤ ᠨᠢ ᠭᠦᠭᠡᠷᠡᠨ ᠬᠠᠷᠠᠯᠠᠵᠤ ᠠᠮᠠᠷᠬᠠᠨ ᠬᠤᠭᠤᠷᠠᠨ᠎ᠠ᠃ | ᠡᠮᠨᠡᠨ ᠵᠠᠰᠠᠬᠤ ᠠᠷᠭ᠎ᠠ᠄ ᠠᠷᠠᠴᠢᠯᠠᠭ᠎ᠠ ᠮᠠᠯᠵᠢᠯᠭ᠎ᠠ ᠪᠠᠨ ᠴᠢᠩᠭᠠᠳᠬᠠᠨ᠂ ᠡᠪᠡᠰᠤ ᠪᠤᠷᠳᠤᠭ᠎ᠠ | ᠨᠦᠭᠦᠪᠤᠷᠢᠯᠡᠭᠦ ᠳᠡᠭᠡᠨ ᠢᠯᠡᠭᠦᠭᠡᠨ ᠹᠤᠰᠹᠤᠷ᠂ ᠺᠠᠯᠼ ︵ᠶᠠᠰᠤ ᠭᠡᠮᠭᠡᠴᠢᠨ ᠦᠭᠭᠦ᠂ ᠶᠠᠰᠤᠨ ᠲᠠᠯᠬ᠎ᠠ ᠦᠭᠭᠦ︶᠂ | ᠸᠢᠲ᠋ᠠᠮᠢᠨ ᠢ ᠬᠤᠯᠢᠵᠤ ᠦᠭᠭᠦᠨ᠎ᠡ᠃ | 1᠂ ᠭᠦᠭᠦᠷ ᠭᠦᠴᠢᠯ ᠤᠨ ᠬᠤᠶᠠᠷ ᠤᠰᠤᠳᠦ᠋ᠷᠦᠭᠴᠢᠳᠤ ᠨᠠᠲᠷᠢ ᠶᠢᠨ ᠨᠤᠨᠳᠠᠭ ᠢ ᠪᠦᠳᠦᠭᠦᠨ ᠦᠭᠡᠷ ᠲᠤ | 50 — 70 ᠭᠷᠡᠮ᠂ 0.3 ᠭᠷᠡᠮ ᠤᠨ ᠺᠠᠯᠼ ᠢ 100 ᠦᠷᠢᠯ ᠢᠶᠠᠷ ᠡᠳᠤᠷ ᠲᠤ ᠨᠢᠭᠡ ᠤᠳᠠᠭ᠎ᠠ ᠦᠭᠭᠦᠨ᠎ᠡ᠃ | ᠪᠢᠷᠠᠭᠤᠨ ᠳᠤ ᠭᠦᠭᠦᠷ ᠭᠦᠴᠢᠯ ᠤᠨ ᠤᠰᠤᠳᠦ᠋ᠷᠦᠭᠴᠢᠳᠤ ᠨᠠᠲᠷᠢ ᠶᠢᠨ ᠨᠤᠨᠳᠠᠭ 30 ᠭᠷᠡᠮ᠂ ᠺᠠᠯᠼ 50 ᠦᠷᠢᠯ ᠢ | ᠡᠳᠤᠷ ᠲᠤ ᠨᠢᠭᠡ ᠤᠳᠠᠭ᠎ᠠ᠂ 3 ᠠᠴᠠ 7 ᠡᠳᠤᠷ ᠦᠷᠭᠦᠯᠵᠢᠯᠡᠨ ᠦᠭᠭᠦᠨ᠎ᠡ᠃ | 2᠂ 20% ᠶᠢᠨ ᠬᠦᠭᠦᠷ ᠭᠦᠴᠢᠯ ᠤᠨ ᠬᠤᠶᠠᠷ ᠤᠰᠤᠳᠦ᠋ᠷᠦᠭᠴᠢᠳᠤ ᠨᠠᠲᠷᠢ ᠶᠢᠨ ᠲᠠᠷᠢᠯᠭ᠎ᠠ ᠶᠢᠨ | ᠰᠢᠩᠭᠡᠨ ᠢ ᠪᠦᠳᠦᠭᠦᠨ ᠦᠭᠡᠷ ᠲᠤ 500 ᠮᠢᠯᠯᠢᠯᠢᠲᠷ᠂ ᠪᠢᠷᠠᠭᠤ ᠳᠤ 250 ᠮᠢᠯᠯᠢᠯᠢᠲᠷ ᠤᠨ ᠭᠡᠮᠵᠢᠶ᠎ᠡ ᠪᠠᠷ | ᠡᠳᠤᠷ ᠲᠤ ᠨᠢᠭᠡ ᠤᠳᠠᠭ᠎ᠠ ᠭᠦᠭᠡ ᠰᠤᠳᠠᠯ ᠢᠶᠠᠷ ᠨᠢ ᠲᠠᠷᠢᠨ᠎ᠠ᠂ ᠦᠷᠭᠦᠯᠵᠢᠯᠡᠨ 3 ᠠᠴᠠ 5 ᠡᠳᠤᠷ ᠲᠠᠷᠢᠨ᠎ᠠ᠃ | ᠮᠦᠨ ᠳᠡᠭᠡᠷᠡᠭᠢ ᠭᠡᠮᠵᠢᠶ᠎ᠡ ᠪᠠᠷ ᠴᠢᠳᠬᠤᠨ ᠦᠭᠴᠤ ᠪᠤᠯᠤᠨ᠎ᠠ᠃ | 3᠂ ᠰᠤ᠋ ᠫᠦ᠋ ᠯᠢᠨ ᠭᠠᠢ ᠺᠠᠯᠼ ᠤᠨ ᠨᠤᠨᠳᠠᠭ ᠢ ᠪᠦᠳᠦᠭᠦᠨ ᠦᠭᠡᠷ ᠲᠤ 100 ᠠᠴᠠ 150 ᠭᠷᠡᠮ᠂ | ᠪᠢᠷᠠᠭᠤ ᠳᠤ 60 ᠠᠴᠠ 80 ᠭᠷᠡᠮ ᠤᠨ ᠭᠡᠮᠵᠢᠶ᠎ᠡ ᠪᠠᠷ ᠡᠳᠤᠷ ᠲᠤ ᠨᠢᠭᠡ ᠤᠳᠠᠭ᠎ᠠ᠂ ᠦᠷᠭᠦᠯᠵᠢᠯᠡᠨ 3 ᠠᠴᠠ 7 | ᠡᠳᠤᠷ ᠴᠢᠳᠬᠤᠨ᠎ᠠ᠃ 4᠂ ᠶᠠᠰᠤᠨ ᠲᠠᠯᠬ᠎ᠠ ᠶᠢ ᠡᠳᠤᠷ ᠪᠦᠷᠢ ᠵᠤᠭᠢᠰᠳᠠᠢ ᠨᠦᠭᠦᠪᠤᠷᠢᠯᠡᠨ ᠦᠭᠪᠡᠯ ᠰᠠᠶᠢᠨ | ᠪᠠᠶᠢᠳᠠᠭ᠃ | |