ᠯᠦᠩ ᠴᠢᠤᠸᠠᠨ ᠽᠢ
ᠨᠡᠶᠢᠲᠡᠯᠡᠭᠰᠡᠨ ᠴᠠᠭ᠄
2017/12/29
    ᠬᠠᠷᠠᠴᠢᠨ ᠬᠤᠰᠢᠭᠤᠨ ᠤ ᠵᠢᠨᠱᠠᠨ ᠪᠠᠯᠭᠠᠰᠤ ᠠᠴᠠ 6 ᠭᠠᠵᠠᠷ ᠤᠨ ᠠᠯᠤᠰ ᠲᠤ ᠪᠠᠷᠰ ᠬᠠᠳᠠᠨ ᠤ ᠳᠤᠤᠷ᠎ᠠ ᠨᠢᠭᠡᠨ ᠡᠷᠲᠡᠨ ᠤ ᠰᠦᠮ᠎ᠡ ᠪᠠᠶᠢᠳᠠᠭ᠃  ᠡᠩᠬᠡ ᠠᠮᠤᠭᠤᠯᠠᠩ ᠬᠠᠭᠠᠨ ᠠᠪᠠ ᠬᠤᠮᠤᠷᠭ᠎ᠠ ᠬᠢᠵᠦ ᠪᠠᠶᠢᠬᠤ ᠳᠠᠭᠠᠨ ᠡᠨᠡ ᠰᠦᠮ᠎ᠡ ᠶᠢᠨ ᠬᠤᠳᠳᠤᠭ ᠤᠨ ᠤᠰᠤᠨ ᠠᠴᠠ  ᠠᠮᠰᠠᠵᠤ ᠮᠣᠷᠢ ᠪᠠᠨ ᠤᠰᠤᠯᠠᠭᠰᠠᠨ ᠲᠤᠯᠠ᠂ ᠯᠦᠩ ᠴᠢᠤᠸᠠᠨ ᠽᠢ ᠭᠡᠵᠦ ᠨᠡᠷᠡᠯᠡᠵᠡᠢ᠃     ᠯᠦᠩ ᠴᠢᠤᠸᠠᠨ ᠽᠢ ᠨᠢ  ᠶᠡᠭᠡ ᠶᠤᠸᠠᠨ ᠤᠯᠤᠰ ᠤᠨ ᠦᠶ᠎ᠡ ᠳᠤ ᠡᠬᠢᠯᠡᠨ ᠪᠠᠶᠢᠭᠤᠯᠵᠠᠢ᠃  ᠡᠵᠡᠯᠡᠬᠦ ᠭᠠᠵᠠᠷ  ᠨᠢ 10 ᠭᠠᠷᠤᠢ ᠮᠣ᠋  ᠪᠠᠶᠢᠳᠠᠭ᠃  ᠰᠦᠮ᠎ᠡ ᠨᠢ ᠠᠭᠤᠯᠠ ᠶᠢ ᠲᠦᠰᠢᠵᠦ  ᠪᠠᠶᠢᠭᠤᠯᠤᠭᠰᠠᠨ ᠲᠤᠯᠠ᠂  ᠭᠤᠷᠪᠠᠨ ᠳᠡᠭᠲᠡᠷ  ᠢᠶᠠᠷ ᠪᠠᠶᠢᠷᠢᠯᠠᠵᠤ᠂  ᠡᠮᠦᠨ᠎ᠡ ᠡᠭᠦᠳᠡ᠂  ᠡᠮᠦᠨ᠎ᠡ ᠬᠠᠷᠰᠢ᠂  ᠵᠡᠭᠦᠨ ᠪᠠᠷᠠᠭᠤᠨ ᠵᠢᠭᠦᠷ ᠤᠨ ᠬᠠᠷᠰᠢ᠂ ᠬᠤᠶᠢᠲᠦ ᠭᠤᠣᠯ ᠬᠠᠷᠰᠢ᠂ ᠯᠠᠮᠠ ᠨᠠᠷ ᠤᠨ ᠪᠠᠶᠢᠷᠢ ᠵᠡᠷᠭᠡ ᠪᠠᠷ ᠪᠦᠷᠢᠯᠳᠦᠵᠡᠢ᠃     ᠡᠮᠦᠨ᠎ᠡ ᠬᠠᠷᠰᠢ ᠳᠤ ᠮᠠᠶᠢᠳᠠᠷᠢ ᠪᠤᠷᠬᠠᠨ ᠪᠠ ᠳᠦᠷᠪᠡᠨ   ᠮᠠᠬᠠᠷᠠᠨᠽᠠ ᠶᠢ ᠲᠠᠬᠢᠵᠦ ᠪᠠᠶᠢᠳᠠᠭ᠃     ᠵᠡᠭᠦᠨ ᠵᠢᠭᠦᠷ ᠤᠨ ᠬᠠᠷᠰᠢ ᠳᠤ ᠪᠠᠯᠳᠠᠨᠯᠾᠠᠮᠤ  ᠂ ᠶᠠᠮᠠᠨᠳᠠᠭ᠎ᠠ᠂  ᠨᠠᠮᠰᠠᠷᠠᠢ ᠵᠡᠷᠭᠡ ᠲᠠᠪᠤᠨ ᠪᠤᠷᠬᠠᠨ ᠢ ᠲᠠᠬᠢᠵᠤ ᠪᠠᠶᠢᠳᠠᠭ᠃     ᠪᠠᠷᠠᠭᠤᠨ ᠵᠢᠭᠦᠷ ᠤᠨ ᠬᠠᠷᠰᠢ ᠳᠤ  ᠠᠷᠢᠶᠠᠪᠠᠯᠤ᠂  ᠮᠠᠨᠽᠤᠰᠢᠷᠢ᠂  ᠭᠠᠵᠠᠷ ᠤᠨ ᠵᠢᠷᠦᠬᠡᠨ ᠪᠤᠳᠢᠰᠠᠳ᠋ᠸ᠎ᠠ᠂  ᠰᠠᠮᠠᠨᠳᠠᠪᠠᠳᠠᠷ᠎ᠠ ᠪᠤᠳᠢᠰᠠᠳ᠋ᠸ᠎ᠠ ᠵᠡᠷᠭᠡ ᠳᠦᠷᠪᠡᠨ ᠪᠤᠳᠢᠰᠠᠳ᠋ᠸ᠎ᠠ  ᠶᠢ ᠲᠠᠬᠢᠵᠦ ᠪᠠᠶᠢᠮᠤᠢ᠃  ᠬᠤᠶᠢᠲᠤ ᠭᠤᠣᠯ ᠬᠠᠷᠰᠢ ᠳᠤ ᠡᠷᠲᠡ ᠡᠳᠦᠭᠡ ᠢᠷᠡᠭᠡᠳᠦᠢ ᠭᠤᠷᠪᠠᠨ ᠴᠠᠭ ᠤᠨ ᠪᠤᠷᠬᠠᠨ ᠢ ᠲᠠᠬᠢᠵᠦ ᠪᠠᠶᠢᠳᠠᠭ᠃  ᠳᠠᠷᠤᠢ ᠦᠩᠭᠡᠷᠡᠭᠰᠡᠨ ᠴᠠᠭ ᠤᠨ  ᠲᠢᠪᠠᠩᠭᠡᠷ᠎ᠡ  ︵ᠮᠠᠷᠮᠤᠰᠠᠳ  ︶  ᠪᠤᠷᠬᠠᠨ᠂  ᠡᠳᠦᠭᠡ ᠴᠠᠭ ᠤᠨ  ᠱᠠᠭᠵᠠᠮᠤᠨᠢ ᠪᠤᠷᠬᠠᠨ᠂  ᠢᠷᠡᠭᠡᠳᠦᠢ ᠴᠠᠭ ᠤᠨ  ᠮᠠᠶᠢᠳᠠᠷᠢ ᠪᠤᠷᠬᠠᠨ ᠪᠤᠯᠤᠨ᠎ᠠ᠃     ᠶᠡᠭᠡ ᠬᠠᠷᠰᠢ ᠶᠢᠨ ᠡᠮᠦᠨ᠎ᠡ᠂ ᠪᠡᠶ᠎ᠡ ᠶᠢᠨ ᠤᠷᠳᠤ ᠨᠢ 4.5 ᠮᠧᠲᠷ᠂  ᠦᠨᠳᠦᠷ ᠨᠢ 1.1 ᠮᠧᠲᠷ ‍ᠦᠨ‌ᠨᠢᠭᠡᠨ  ᠴᠢᠯᠠᠭᠤᠨ ᠬᠡᠪᠲᠡᠭᠡ ᠠᠷᠰᠯᠠᠨ ᠪᠠᠶᠢᠳᠠᠭ ᠶᠤᠮ᠃     ᠰᠦᠮ᠎ᠡ ᠳᠤ   ᠦᠨᠳᠦᠷ ᠨᠢ  ᠴᠦᠮ 3.7  ᠮᠧᠲᠷ ᠪᠦᠬᠦᠢ ᠡᠷᠲᠡᠨ ᠤ ᠴᠢᠯᠠᠭᠤᠨ  ᠬᠥᠰᠢᠶ᠎ᠡ ᠬᠤᠶᠠᠷ ᠪᠠᠶᠢᠳᠠᠭ᠃  ᠵᠡᠭᠦᠨ ᠲᠠᠯ᠎ᠠ ᠳᠠᠬᠢ ᠬᠥᠰᠢᠶ᠎ᠡ  ᠪᠢᠴᠢᠭ ᠨᠢ ︽ ᠰᠦᠩ ᠵᠸᠦ ᠶᠢᠨ ᠠᠷᠰᠯᠠᠩᠲᠦ ᠬᠠᠳᠠᠨ ᠤ ᠯᠦᠩ ᠴᠢᠤᠸᠠᠨ ᠽᠢ ᠬᠡᠶᠢᠳ ᠤᠨ  ᠬᠠᠮᠪᠤ ᠯᠠᠮᠠ ᠽᠢ ᠭᠤᠸᠠᠩ ᠫᠦ᠋ ᠵᠢᠢ  ᠶᠡᠭᠡ ᠪᠠᠭᠰᠢ ᠷᠠᠨ ᠭᠥᠩ ᠳ᠋ᠤᠤ  ᠶᠢᠨ ᠬᠦᠰᠢᠶ᠎ᠡ︾  ᠂  ᠶᠤᠸᠠᠨ ᠱᠦᠨᠳᠢ ᠬᠠᠭᠠᠨ ᠤ  ᡁᠢ ᠵᠧᠩ ᠤᠨ ᠠᠩᠬᠠᠳᠤᠭᠠᠷ ᠣᠨ  ︵1341  ᠣᠨ︶ ᠳᠤ ᠪᠣᠰᠬᠠᠪᠠ  ᠭᠡᠵᠦ  ᠪᠤᠢ᠃ ᠪᠠᠷᠠᠭᠤᠨ ᠲᠠᠯ᠎ᠠ ᠶᠢᠨ ᠬᠦᠰᠢᠶᠡᠨ ᠪᠢᠴᠢᠭ ᠨᠢ  ᠢᠷᠭᠡᠨ ᠤᠯᠤᠰ ᠤᠨ ᠵᠢᠷᠭᠤᠳᠤᠭᠠᠷ ᠣᠨ ︵ 1917 ᠣᠨ ︶  ᠳᠤ ᠬᠠᠷᠠᠴᠢᠨ ᠪᠠᠷᠠᠭᠤᠨ  ᠭᠠᠷᠤᠨ ᠬᠤᠰᠢᠭᠤᠨ ᠤ ᠴᠢᠨ ᠸᠠᠩ  ᠤᠨ  ᠲᠤᠰ ᠬᠡᠶᠢᠳ ᠢ ᠲᠠᠬᠢᠨ ᠵᠠᠰᠠᠭᠰᠠᠨ ᠪᠠᠶᠢᠳᠠᠯ ᠢ ᠲᠡᠮᠳᠡᠭᠯᠡᠵᠡᠢ᠃          
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号