ᠠᠷᠠᠳ ᠤᠨ ᠠᠭᠠᠷ ᠠᠶᠠᠯᠠᠯ ᠤᠨ ᠡ᠊ᠨᠳᠡᠯ ᠭᠡᠳᠡᠭ ᠨᠢ ᠶᠠᠭᠤ ᠶᠢ ᠵᠢᠭᠠᠵᠤ ᠪᠠᠶᠢᠬᠤ ᠪᠤᠢ
ᠨᠡᠶᠢᠲᠡᠯᠡᠭᠰᠡᠨ ᠴᠠᠭ᠄
2017/12/12
     ᠠᠷᠠᠳ ᠤᠨ ᠠᠭᠠᠷ ᠠᠶᠠᠯᠠᠯ ᠤᠨ ᠡ᠊ᠨᠳᠡᠯ ᠭᠡᠳᠡᠭ ᠪᠤᠯ ᠠᠷᠠᠳ ᠤᠨ ᠠᠭᠠᠷ ᠠᠶᠠᠯᠠᠯ ᠤᠨ ᠰᠢᠰᠲ᠋ᠧᠮ ᠳᠠᠬᠢ ᠨᠢᠭᠡ ᠵᠥᠢᠯ ᠤᠨ ᠪᠠᠴᠢᠮ ᠪᠠᠶᠢᠳᠠᠯ ᠢ ᠵᠢᠭᠠᠵᠤ ᠪᠤᠢ᠃ ᠡᠨᠡᠬᠦ ᠪᠠᠶᠢᠳᠠᠯ ᠳᠤ᠂ ᠬᠥᠮᠥᠰ ᠵᠢᠴᠢ ᠲᠥᠬᠦᠭᠡᠷᠥᠮᠵᠢ ᠰᠢᠷᠬᠠᠳᠤᠵᠤ ᠡᠪᠳᠡᠷᠡᠬᠦ ᠠᠶᠤᠯᠳᠠᠢ ᠪᠠᠶᠢᠳᠠᠭ᠃      ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ      ● ᠠᠭᠠᠷ ᠲᠤ ᠲᠠᠷᠤᠯᠳᠠ ᠲᠤᠷᠤᠭᠰᠢᠯᠠᠬᠤ ᠳᠤ ᠬᠥᠷᠪᠡᠯ ᠲᠡᠷᠦ᠋ᠢᠬᠠᠨ ᠬᠥᠴᠢᠯᠳᠦ᠋ᠷᠥᠭᠴᠢ ᠠᠮᠠᠪᠴᠢ ᠵᠠᠭᠦᠵᠤ ᠪᠠᠶᠢᠭᠠᠷᠠᠢ᠃      ● ᠨᠢᠰᠭᠡᠯ ᠪᠠᠴᠢᠮ ᠭᠠᠵᠠᠷ ᠲᠤ ᠪᠠᠭᠤᠬᠤ ᠪᠠ ᠠᠯᠪᠠᠳᠠᠨ ᠪᠠᠭᠤᠬᠤ ᠥᠶᠡᠰ᠂ ᠵᠥᠪ ᠰᠠᠭᠤᠬᠤ ᠭᠡᠷᠡᠭᠳᠡᠢ᠃ ᠲᠤᠬᠠᠢᠢᠯᠠᠪᠠᠯ ᠨᠢᠷᠤᠭᠤ ᠪᠠᠨ ᠪᠥᠭᠳᠦ᠋ᠢᠵᠤ᠂ ᠬᠤᠶᠠᠷ ᠭᠠᠷ ᠢᠶᠠᠨ ᠡᠪᠥᠳᠥᠭ ᠤᠨ ᠲᠤᠤᠷ᠎ᠠ ᠪᠠᠨ ᠠᠳᠬᠤᠵᠤ᠂ ᠲᠤᠯᠤᠭᠠᠢ ᠪᠠᠨ ᠡᠪᠥᠳᠥᠭ ᠲᠡᠭᠡᠨ ᠨᠠᠭᠠᠯᠳᠤᠭᠤᠯᠵᠤ᠂ ᠬᠤᠶᠠᠷ ᠬᠥᠯ ᠢᠶᠠᠨ ᠵᠢᠬᠢᠵᠤ ᠭᠠᠵᠠᠷ ᠢ ᠴᠢᠩᠭ᠎ᠠ ᠢᠰᠬᠦᠯᠬᠦ ᠭᠡᠷᠡᠭᠳᠡᠢ᠃      ● ᠤᠡᠭᠭᠤᠴᠠᠨ ᠲᠤᠳᠤᠷ᠎ᠠ ᠤᠳᠤᠭ᠎ᠠ ᠤᠨᠢᠶᠠᠷ ᠲᠡᠭᠳᠡᠭᠰᠡᠨ ᠥᠶᠡᠰ᠂ ᠲᠤᠯᠤᠭᠠᠢ ᠪᠠᠨ ᠪᠥᠬᠦ᠋ᠢᠵᠤ ᠲᠡᠶᠢᠯᠬᠦ ᠬᠡᠮᠵᠢᠶᠡᠨ ᠳᠤ ᠬᠥᠷᠳᠡᠯ᠎ᠡ ᠪᠥᠬᠦ᠋ᠢᠵᠤ᠂ ᠠᠮᠢᠰᠬᠤᠯ ᠢᠶᠠᠨ ᠲᠤᠭᠳᠠᠪᠤᠷᠢᠵᠢᠭᠤᠯᠵᠤ᠂ ᠤᠮᠳᠠᠭᠠᠨ ᠢᠶᠠᠷ ᠢᠶᠠᠨ ᠠᠯᠴᠢᠭᠤᠷ ᠢᠶᠠᠨ ᠨᠤᠷᠠᠭᠠᠨ ᠠᠮᠠ ᠬᠠᠮᠠᠷ ᠢᠶᠠᠨ ᠲᠠᠷᠤᠭᠰᠠᠨ ᠤ ᠰᠡᠬᠦᠯᠡᠷ ᠲᠠᠬᠢᠨ ᠠᠮᠢᠰᠬᠤᠵᠤ᠂ ᠪᠥᠬᠦ᠋ᠢᠵᠤ ᠮᠥᠯᠬᠦᠨ ᠭᠠᠷᠬᠤ ᠡᠬᠦᠳᠡᠨ ᠳᠤ ᠬᠥᠷᠬᠦ ᠭᠡᠷᠡᠭᠳᠡᠢ᠃      ● ᠭᠡᠷᠪᠡ ᠨᠢᠰᠭᠡᠯ ᠨᠢ ᠲᠠᠯᠠᠢ ᠲᠠᠩᠬᠢᠰ ᠤᠨ ᠲᠡᠭᠡᠷ᠎ᠡ ᠠᠶᠤᠯᠳᠤ ᠪᠠᠶᠢᠳᠠᠯ ᠳᠤ ᠲᠤᠯᠭᠠᠷᠠᠭᠰᠠᠨ ᠥᠶᠡᠰ᠂ ᠠᠪᠤᠷᠠᠯᠳᠠ ᠶᠢᠨ ᠬᠤᠪᠴᠠᠰᠤ ᠶᠢ ᠲᠡᠷᠦ᠋ᠢᠬᠠᠨ ᠡᠮᠥᠰᠬᠦ ᠭᠡᠷᠡᠭᠳᠡᠢ᠃      ● ᠨᠢᠰᠭᠡᠯ ᠭᠠᠵᠠᠷ ᠲᠤ ᠲᠤᠯᠤᠭᠰᠠᠨ ᠲᠠᠭᠤᠨ ᠢ ᠰᠤᠨᠤᠰᠤᠮᠠᠭᠴᠠ ᠪᠠᠨ ᠲᠡᠷᠦ᠋ᠢᠬᠠᠨ ᠠᠶᠤᠯᠬᠦᠢ ᠶᠢᠨ ᠪᠥᠰᠡ ᠪᠠᠨ ᠠᠯᠳᠠᠷᠠᠭᠠᠵᠤ᠂ ᠭᠠᠳᠠᠨᠠᠬᠢ ᠬᠡᠷᠡᠯᠳᠥᠵᠤ ᠪᠠᠶᠢᠭ᠎ᠠ ᠭᠠᠷᠬᠤ ᠡᠬᠦᠳᠡ ᠥᠭᠡᠳᠡ ᠠᠮᠢ ᠴᠥᠯᠡᠨ ᠬᠥᠶᠥᠬᠦ ᠭᠡᠷᠡᠭᠳᠡᠢ᠃      ● ᠨᠢᠰᠭᠡᠯ ᠪᠠᠴᠢᠮ ᠪᠠᠭᠤᠬᠤ ᠪᠠ ᠠᠯᠪᠠᠳᠠᠨ ᠪᠠᠭᠤᠬᠤ ᠥᠶᠡᠰ᠂ ᠠᠵᠢᠯᠳᠠᠨ ᠤ ᠵᠢᠯᠤᠭᠤᠳᠤᠯᠭ᠎ᠠ ᠶᠢ ᠰᠤᠨᠤᠰᠴᠤ᠂ ᠲᠥᠷᠭᠡᠨ ᠪᠥᠭᠡᠳ ᠡᠮᠬᠢ ᠲᠠᠷᠠᠭ᠎ᠠ ᠲᠠᠢ ᠪᠠᠷ ᠪᠠᠴᠢᠮ ᠪᠠᠭᠤᠬᠤ ᠡᠬᠦᠳᠡ ᠪᠠᠷ ᠭᠠᠵᠠᠷ ᠲᠤ ᠭᠤᠯᠭᠤᠨ ᠪᠠᠭᠤᠬᠤ ᠭᠡᠷᠡᠭᠳᠡᠢ᠃      ᠲᠤᠰᠬᠠᠢ ᠮᠡᠷᠭᠡᠵᠢᠯᠳᠡᠨ ᠤ ᠰᠠᠨᠠᠭᠤᠯᠤᠮᠵᠢ      ◇ ᠨᠢᠰᠭᠡᠯ ᠨᠢᠰᠴᠤ ᠪᠠᠶᠢᠬᠤ ᠶᠠᠪᠤᠴᠠ ᠳᠤ ᠭᠠᠷ ᠤᠳᠠᠰᠤ ᠪᠠᠨ ᠪᠥᠷ ᠬᠠᠭᠠᠬᠤ ᠪᠤᠯ ᠴᠢᠬᠤᠯᠨ᠃      ◇ ᠨᠢᠰᠭᠡᠯ ᠳᠤ ᠭᠠᠷᠤᠭᠰᠠᠨ ᠤ ᠪᠠᠨ ᠲᠡᠷᠠᠭ᠎ᠠ ᠬᠠᠮᠢᠶ᠎ᠠ ᠪᠥᠬᠦᠢ ᠠᠭᠠᠷ ᠠᠶᠠᠯᠠᠯ ᠤᠨ ᠠᠮᠤᠷ ᠲᠥᠪᠰᠢᠨ ᠤ ᠮᠡᠳᠡᠯᠭᠡ ᠶᠢ ᠰᠤᠨᠤᠰᠴᠤ ᠥᠵᠡᠵᠤ᠂ ᠨᠢᠰᠭᠡᠯ ᠲᠡᠭᠡᠷᠡᠬᠢ ᠠᠮᠤᠷ ᠲᠥᠪᠰᠢᠨ ᠭᠠᠷᠬᠤ ᠡᠬᠦᠳᠡᠨ ᠤ ᠪᠠᠶᠢᠷᠢᠰᠢᠯ ᠢ ᠮᠡᠳᠡᠨ ᠠᠪᠴᠤ᠂ ᠤᠢᠢᠯᠠᠭᠠᠵᠤ ᠮᠡᠳᠡᠬᠦ ᠥᠭᠡᠢ ᠵᠥᠢᠯ ᠪᠠᠶᠢᠪᠠᠯ ᠥᠢᠯᠡᠴᠢᠯᠡᠭᠴᠢ ᠪᠠᠷ ᠵᠢᠭᠠᠯᠭᠠᠨ᠎ᠠ᠃      ◇ ᠨᠢᠰᠭᠡᠯ ᠨᠢᠰᠴᠤ ᠭᠠᠷᠬᠤ᠂ ᠭᠠᠵᠠᠷ ᠲᠤ ᠪᠠᠭᠤᠬᠤ ᠪᠠ ᠨᠢᠰᠴᠤ ᠪᠠᠶᠢᠭ᠎ᠠ ᠶᠠᠪᠤᠴᠠ ᠳᠤ ᠠᠮᠤᠷ ᠲᠥᠪᠰᠢᠨ ᠤ ᠪᠥᠰᠡ ᠪᠠᠨ ᠱᠠᠭᠠᠷᠳᠠᠯᠭ᠎ᠠ ᠶᠤᠰᠤᠭᠠᠷ ᠰᠠᠶᠢᠳᠤᠷ ᠪᠦᠰᠡᠯᠡᠵᠤ ᠰᠠᠭᠤᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号