ᠤᠰᠤᠨ ᠲᠡᠭᠡᠷᠡᠬᠢ ᠵᠠᠮ ᠬᠠᠷᠢᠯᠴᠠᠭᠠᠨ ᠤ ᠡ᠊ᠨᠳᠡᠯ ᠤᠨ ᠲᠤᠬᠠᠢ ᠮᠡᠳᠡᠯᠭᠡ
ᠨᠡᠶᠢᠲᠡᠯᠡᠭᠰᠡᠨ ᠴᠠᠭ᠄
2017/12/12
     ᠤᠡᠭᠭᠤᠴᠠ ᠰᠡᠯ᠂ ᠬᠥᠪᠪᠥᠬᠦᠮᠡᠯ ᠪᠡᠯᠡᠳᠭᠡᠮᠵᠢ ᠨᠢ ᠲᠤᠳᠤᠭᠠᠳᠤ ᠭᠤᠤᠯ ᠮᠥᠷᠡᠨ ᠤ ᠤᠰᠤᠨ ᠨᠡᠪᠳᠡᠷᠡᠯᠭᠡ ᠶᠢᠨ ᠬᠥᠷᠢᠶ᠎ᠡ ᠭᠡᠪᠴᠢᠶᠡᠨ ᠳᠤ ᠡᠬᠦᠰᠥᠭᠰᠡᠨ ᠮᠥᠷᠬᠦᠯᠳᠥᠬᠦ᠂ ᠱᠥᠷᠬᠦᠯᠳᠥᠬᠦ᠂ ᠲᠡᠯᠳᠠ ᠬᠠᠳᠠᠨ ᠳᠤ ᠮᠥᠷᠬᠦᠬᠦ᠂ ᠲᠠᠪᠠᠯᠭᠠᠨ ᠳᠤ ᠰᠥᠢᠷᠡᠬᠦ᠂ ᠲᠠᠭᠠᠭᠠᠴᠠ ᠳᠤ ᠲᠡᠷᠤᠭᠳᠠᠬᠤ᠂ ᠭᠠᠯ ᠤᠨ ᠠᠶᠤᠯ ᠡᠬᠦᠰᠬᠦ᠂ ᠲᠡᠯᠪᠡᠷᠡᠬᠦ᠂ ᠵᠢᠪᠪᠥᠬᠦ ᠵᠡᠷᠭᠡ ᠬᠥᠮᠥᠨ ᠬᠠᠷ᠎ᠠ ᠥᠬᠦᠵᠤ ᠰᠢᠷᠬᠠᠳᠤᠬᠤ ᠪᠠ ᠡᠳ᠋ ᠬᠥᠷᠥᠩᠭᠡ ᠬᠤᠬᠢᠷᠠᠬᠤ ᠡ᠊ᠨᠳᠡᠯ ᠢ ᠤᠰᠤᠨ ᠲᠡᠭᠡᠷᠡᠬᠢ ᠵᠠᠮ ᠬᠠᠷᠢᠯᠴᠠᠭᠠᠨ ᠤ ᠡ᠊ᠨᠳᠡᠯ ᠭᠡᠨ᠎ᠡ᠃ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ ᠰᠠᠨᠠᠭᠠᠨ ᠳᠤ ᠥᠭᠡᠢ ᠪᠠᠷ ᠤᠰᠤᠨ ᠲᠡᠭᠡᠷ᠎ᠡ ᠵᠠᠮ ᠬᠠᠷᠢᠯᠴᠠᠭᠠᠨ ᠤ ᠡ᠊ᠨᠳᠡᠯ ᠡᠬᠦᠰᠴᠤ᠂ ᠠᠪᠤᠷᠠᠯᠳᠠ ᠶᠢᠨ ᠲᠥᠬᠦᠭᠡᠷᠥᠮᠵᠢ ᠶᠢ ᠠᠰᠢᠭᠯᠠᠨ ᠤᠰᠤᠨ ᠳᠤ ᠥᠰᠥᠷᠴᠤ ᠠᠮᠢ ᠮᠤᠯᠳᠤᠷᠠᠵᠤ ᠵᠠᠪᠳᠤᠬᠤ ᠥᠭᠡᠢ ᠪᠤᠯᠤᠭᠰᠠᠨ ᠥᠶ᠎ᠡ ᠳᠤ ᠲᠤᠤᠷᠠᠬᠢ ᠭᠡᠳᠥᠨ ᠵᠠᠷᠴᠢᠮ ᠢ ᠡᠵᠡᠮᠰᠢᠨ᠎ᠠ᠃      ︵ᠨᠢᠭᠡ︶ ᠠᠶᠤᠯ ᠳᠤ ᠲᠤᠯᠭᠠᠷᠠᠨ ᠠᠪᠤᠷᠠᠭᠤᠯᠬᠤ ᠵᠠᠷᠴᠢᠮ     ● ᠤᠰᠤᠨ ᠳᠤ ᠥᠰᠥᠷᠬᠦ ᠠᠴᠠ ᠪᠠᠨ ᠡᠮᠥᠨ᠎ᠡ ᠠᠯᠢ ᠴᠢᠳᠠᠬᠤ ᠪᠠᠷ ᠠᠶᠤᠯ ᠳᠤ ᠲᠤᠯᠭᠠᠷᠠᠨ ᠠᠪᠤᠷᠠᠭᠤᠯᠬᠤ ᠲᠤᠬᠢᠶ᠎ᠠ ᠲᠠᠯᠪᠢᠨ᠎ᠠ᠃     ● ᠠᠯᠢ ᠴᠢᠳᠠᠬᠤ ᠪᠠᠷ ᠲᠤᠭᠳᠠᠮᠠᠯ ᠶᠠᠭᠤᠮ᠎ᠠ ᠠᠴᠠ ᠵᠢᠭᠤᠷᠠᠵᠤ᠂ ᠤᠷᠤᠰᠬᠠᠯ ᠤᠰᠤᠨ ᠳᠤ ᠬᠤᠮᠤᠷᠠᠭᠳᠠᠨ ᠶᠠᠪᠤᠬᠤ ᠪᠤᠶᠤ ᠲᠡᠯ ᠰᠤᠯᠠ ᠶᠠᠭᠤᠮᠠᠨ ᠳᠤ ᠮᠥᠷᠬᠦᠵᠤ ᠰᠢᠷᠬᠠᠳᠤᠬᠤ ᠠᠴᠠ ᠬᠢᠴᠢᠶᠡᠨ᠎ᠡ᠃     ● ᠠᠪᠤᠷᠠᠨ ᠲᠤᠰᠠᠯᠠᠬᠤ ᠤᠡᠭᠭᠤᠴᠠ ᠰᠡᠯ ᠪᠤᠶᠤ ᠤᠢᠢᠷ᠎ᠠ ᠬᠠᠪᠢ ᠶᠢᠨ ᠤᠡᠭᠭᠤᠴᠠ ᠰᠡᠯ ᠤᠢᠢᠷᠠᠳᠤᠬᠤ ᠥᠶᠡᠰ᠂ ᠤᠷᠢᠯᠠᠨ ᠲᠠᠭᠤᠳᠠᠬᠤ ᠪᠤᠶᠤ ᠬᠤᠪᠴᠠᠰᠤ ᠬᠤᠨᠠᠷ ᠢᠶᠠᠷ ᠢᠶᠠᠨ ᠲᠠᠯᠯᠠᠵᠤ᠂ ᠠᠯᠢ ᠴᠢᠳᠠᠬᠤ ᠪᠠᠷ ᠨᠥᠬᠦᠭᠡ ᠡᠳᠡᠭᠡᠳ ᠤᠨ ᠠᠩᠬᠠᠷᠤᠯ ᠢ ᠲᠠᠳᠠᠵᠤ᠂ ᠡᠷᠳᠡᠭᠡᠨ ᠠᠪᠤᠷᠠᠭᠤᠯᠬᠤ ᠭᠡᠷᠡᠭᠳᠡᠢ᠃      ︵ᠬᠤᠶᠠᠷ︶ ᠤᠰᠤᠨ ᠳᠤ ᠥᠰᠥᠷᠴᠤ ᠥᠪᠡᠷ ᠢ ᠪᠠᠨ ᠠᠪᠤᠷᠠᠬᠤ ᠵᠠᠷᠴᠢᠮ     ● ᠤᠰᠤᠨ ᠳᠤ ᠥᠰᠥᠷᠬᠦ ᠠᠴᠠ ᠪᠠᠨ ᠡᠮᠥᠨ᠎ᠡ ᠠᠯᠢ ᠴᠢᠳᠠᠬᠤ ᠪᠠᠷ ᠤᠰᠤᠨ ᠲᠡᠭᠡᠷ᠎ᠡ ᠬᠥᠪᠪᠥᠮᠡᠯ ᠶᠠᠭᠤᠮ᠎ᠠ ᠲᠤᠬᠠᠢᠢᠯᠠᠪᠠᠯ ᠬᠤᠭᠤᠰᠤᠨ ᠮᠤᠳᠤᠨ ᠠᠪᠳᠠᠷ᠎ᠠ᠂ ᠮᠤᠳᠤ ᠪᠠᠩᠰᠠ᠂ ᠲᠤᠮᠤ ᠭᠡᠰᠡᠭ ᠬᠥᠪᠪᠥᠮᠡᠯ ᠰᠥᠯᠢᠶᠤᠤ ᠵᠡᠷᠭᠡ ᠶᠢ ᠰᠢᠳᠡᠭᠡᠳ ᠤᠰᠤᠨ ᠳᠤ ᠥᠰᠥᠷᠥᠭᠰᠡᠨ ᠤ ᠪᠠᠨ ᠲᠠᠷᠠᠭ᠎ᠠ ᠬᠥᠪᠪᠥᠯᠳᠡ ᠪᠠᠭᠠᠵᠢ ᠪᠤᠯᠭᠠᠬᠤ ᠭᠡᠷᠡᠭᠳᠡᠢ᠃      ● ᠤᠰᠤᠨ ᠳᠤ ᠥᠰᠥᠷᠬᠦ ᠳᠡᠭᠡᠨ ᠠᠯᠢ ᠴᠢᠳᠠᠬᠤ ᠪᠠᠷ ᠲᠡᠭᠡᠰᠥᠨ ᠱᠠᠳᠤ᠂ ᠲᠡᠭᠡᠰᠤ ᠵᠡᠷᠭᠡ ᠪᠠᠷ ᠤᠰᠤᠨ ᠳᠤ ᠬᠤᠯᠭᠤᠨ ᠤᠷᠤᠬᠤ ᠶᠢ ᠠᠩᠬᠠᠷᠤᠨ᠎ᠠ᠃      ● ᠤᠰᠤᠨ ᠳᠤ ᠥᠰᠥᠷᠬᠦ ᠳᠡᠭᠡᠨ ᠬᠤᠶᠠᠷ ᠰᠤᠭᠤ ᠪᠠᠨ ᠰᠠᠶᠢᠳᠤᠷ ᠬᠠᠪᠴᠢᠵᠤ᠂ ᠨᠢᠭᠡ ᠭᠠᠷ ᠢᠶᠠᠷ ᠢᠶᠠᠨ ᠬᠠᠮᠠᠷ ᠢᠶᠠᠨ ᠴᠢᠮᠬᠢᠵᠤ᠂ ᠨᠥᠬᠦᠭᠡ ᠭᠠᠷ ᠢᠶᠠᠷ ᠢᠶᠠᠨ ᠠᠪᠤᠷᠠᠯᠳᠠ ᠶᠢᠨ ᠬᠤᠪᠴᠠᠰᠤ ᠪᠠᠨ ᠰᠠᠶᠢᠳᠤᠷ ᠲᠤᠷᠤᠭᠰᠢ ᠴᠢᠩᠭᠠᠭᠠᠵᠤ᠂ ᠬᠥᠨ ᠠᠮᠢᠰᠬᠤᠵᠤ᠂ ᠠᠮᠠ ᠪᠠᠨ ᠬᠤᠮᠢᠵᠤ᠂ ᠬᠤᠶᠠᠷ ᠬᠥᠯ ᠢᠶᠠᠨ ᠵᠢᠬᠢᠵᠤ᠂ ᠡᠭᠴᠡ ᠪᠤᠰᠤᠭ᠎ᠠ ᠭᠡᠯᠪᠡᠷᠢ ᠪᠠᠷ ᠤᠷᠤᠬᠤ ᠭᠡᠷᠡᠭᠳᠡᠢ᠃      ● ᠤᠰᠤᠨ ᠳᠤ ᠥᠰᠥᠷᠥᠭᠰᠡᠨ ᠤ ᠰᠡᠬᠦᠯᠡᠷ ᠠᠯᠢ ᠲᠥᠷᠭᠡᠨ ᠢᠶᠠᠷ ᠠᠶᠤᠯ ᠳᠤ ᠤᠴᠠᠷᠠᠭᠰᠠᠨ ᠤᠡᠭᠭᠤᠴᠠ ᠰᠡᠯ ᠠᠴᠠ ᠤᠮᠪᠠᠨ ᠵᠠᠶᠢᠯᠠᠵᠤ᠂ ᠵᠢᠪᠪᠥᠵᠤ ᠲᠤᠨᠤᠭᠰᠠᠨ ᠤᠡᠭᠭᠤᠴᠠᠨ ᠤ ᠡᠷᠬᠢᠯᠭᠡᠨ ᠳᠤ ᠬᠤᠮᠤᠷᠠᠭᠳᠠᠬᠤ ᠠᠴᠠ ᠰᠡᠷᠭᠡᠶᠢᠯᠡᠨ᠎ᠡ᠃      ● ᠤᠰᠤᠨ ᠳᠤ ᠥᠰᠥᠷᠥᠭᠰᠡᠨ ᠤ ᠰᠡᠬᠦᠯᠡᠷ ᠭᠡᠷᠪᠡ ᠲᠥᠷᠪᠡᠨ ᠲᠠᠯ᠎ᠠ ᠪᠠᠷ ᠨᠢ ᠲᠤᠰᠤᠨ ᠤ ᠭᠠᠯ ᠪᠠᠶᠢᠪᠠᠯ᠂ ᠠᠪᠤᠷᠠᠯᠳᠠ ᠶᠢᠨ ᠬᠤᠪᠴᠠᠰᠤ ᠪᠠᠨ ᠲᠡᠶᠢᠯᠵᠤ᠂ ᠤᠰᠤᠨ ᠲᠤᠭᠤᠤᠷ ᠰᠠᠯᠬᠢᠨ ᠤ ᠥᠭᠡᠳᠡ ᠤᠮᠪᠠᠨ ᠤᠴᠢᠬᠤ ᠭᠡᠷᠡᠭᠳᠡᠢ ᠃ ᠤᠰᠤᠨ ᠲᠡᠭᠡᠷ᠎ᠡ ᠭᠠᠷᠴᠤ ᠠᠮᠢᠰᠬᠤᠯ ᠰᠤᠯᠢᠬᠤ ᠳᠠᠭᠠᠨ ᠬᠤᠶᠠᠷ ᠭᠠᠷ ᠢᠶᠠᠷ ᠢᠶᠠᠨ ᠤᠰᠤᠨ ᠲᠡᠭᠡᠷᠡᠬᠢ ᠲᠤᠰᠤ ᠪᠠ ᠭᠠᠯ ᠢ ᠢᠷᠡᠵᠤ ᠪᠠᠶᠢᠭᠠᠳ ᠲᠠᠬᠢᠨ ᠲᠤᠯᠤᠭᠠᠢ ᠪᠠᠨ ᠭᠠᠷᠭᠠᠨ ᠠᠮᠢᠰᠬᠤᠬᠤ ᠭᠡᠷᠡᠭᠳᠡᠢ᠃     ︵ᠭᠤᠷᠪᠠ︶ ᠤᠰᠤᠨ ᠳᠤ ᠠᠮᠢ ᠪᠠᠨ ᠬᠠᠮᠠᠭᠠᠯᠠᠬᠤ ᠵᠠᠷᠴᠢᠮ      ● ᠤᠰᠤᠨ ᠳᠤ ᠤᠷᠤᠭᠰᠠᠤᠨ ᠠᠯᠢ ᠴᠢᠳᠠᠬᠤ ᠪᠠᠷ ᠬᠥᠪᠪᠥᠮᠡᠯ ᠪᠤᠳᠠᠰ ᠤᠨ ᠲᠤᠭᠤᠷᠢᠨ ᠳᠤ ᠴᠤᠭᠯᠠᠷᠠᠬᠤ ᠶᠢ ᠠᠩᠬᠠᠷᠤᠨ᠎ᠠ᠃      ● ᠤᠰᠤᠨ ᠳᠤ ᠥᠰᠥᠷᠥᠭᠰᠡᠨ ᠤ ᠰᠡᠬᠦᠯᠡᠷ ᠠᠪᠤᠷᠠᠯᠳᠠ ᠶᠢᠨ ᠬᠤᠪᠴᠠᠰᠤ ᠲᠠᠢ ᠪᠤᠯ ᠠᠯᠢ ᠴᠢᠳᠠᠬᠤ ᠪᠠᠷ ᠪᠠᠭ᠎ᠠ ᠬᠥᠳᠡᠯᠭᠡᠭᠡᠨ ᠬᠢᠵᠤ ᠪᠡᠶ᠎ᠡ ᠪᠠᠨ ᠬᠥᠪᠪᠥᠬᠦᠯᠬᠦ ᠭᠡᠷᠡᠭᠳᠡᠢ᠃ ᠤᠰᠤᠨ ᠳᠤ ᠤᠮᠪᠠᠵᠤ ᠴᠢᠳᠠᠭᠰᠠᠳ ᠲᠠᠩᠭᠠᠢᠢᠵᠤ ᠤᠮᠪᠠᠭ᠋ᠤ ᠭᠡᠯᠪᠡᠷᠢ ᠪᠠᠷ ᠬᠥᠯ ᠭᠠᠷ ᠢᠶᠠᠷ ᠢᠶᠠᠨ ᠤᠰᠤ ᠶᠢ ᠬᠥᠡᠭᠭᠡᠭᠡᠨ ᠰᠡᠯᠢᠵᠤ᠂ ᠤᠷᠳᠤ ᠴᠠᠭ ᠢᠶᠠᠷ ᠬᠥᠪᠪᠥᠬᠦ ᠶᠢ ᠪᠠᠳᠤᠯᠠᠵᠤ᠂ ᠠᠪᠤᠷᠠᠨ ᠲᠤᠰᠠᠯᠠᠬᠤ ᠶᠢ ᠬᠥᠯᠢᠴᠡᠩᠬᠦᠢ ᠪᠠᠷ ᠬᠥᠯᠢᠶᠡᠬᠦ ᠭᠡᠷᠡᠭᠳᠡᠢ᠃      ᠲᠤᠰᠬᠠᠢ ᠮᠡᠷᠭᠡᠵᠢᠯᠳᠡᠨ ᠤ ᠰᠠᠨᠠᠭᠤᠯᠤᠮᠵᠢ      ◇ ᠨᠡᠷ᠎ᠡ ᠴᠤᠯᠠ ᠥᠭᠡᠢ ᠤᠡᠭᠭᠤᠴᠠ᠂ ᠥᠨᠡᠮᠯᠡᠯ ᠥᠭᠡᠢ ᠤᠡᠭᠭᠤᠴᠠ᠂ ᠭᠠᠷᠠᠮ ᠤᠨ ᠲᠡᠮᠳᠡᠭ ᠥᠭᠡᠢ ᠤᠡᠭᠭᠤᠴᠠ ᠪᠠ ᠠᠴᠢᠶ᠎ᠠ ᠭᠡᠳᠥᠷᠡᠭᠰᠡᠨ ᠤᠡᠭᠭᠤᠴᠠᠨ ᠳᠤ ᠰᠠᠭᠤᠵᠤ ᠪᠤᠯᠬᠤ ᠥᠭᠡᠢ᠃      ◇ ᠶᠡᠭᠡ ᠰᠠᠯᠬᠢ ᠪᠤᠷᠤᠭᠠᠨ ᠲᠠᠢ ᠥᠶ᠎ᠡ ᠳᠤ ᠨᠠᠭᠤᠷ᠂ ᠴᠥᠬᠦᠷᠥᠮ ᠤᠨ ᠤᠷᠤᠨ ᠳᠤ ᠵᠤᠭᠠᠴᠠᠯ ᠤᠨ ᠤᠡᠭᠭᠤᠴᠠᠨ ᠳᠤ ᠰᠠᠭᠤᠵᠤ ᠪᠤᠯᠬᠤ ᠥᠭᠡᠢ︔ ᠬᠠᠳᠤᠨ ᠭᠤᠤᠯ ᠤᠨ ᠰᠥᠩ ᠤᠨ ᠬᠤᠭᠤᠴᠠᠭ᠎ᠠ᠂ ᠲᠡᠭᠷᠢ ᠮᠠᠭᠤᠬᠠᠢ ᠥᠶ᠎ᠡ ᠳᠤ ᠤᠡᠭᠭᠤᠴᠠᠨ ᠳᠤ ᠰᠠᠭᠤᠵᠤ ᠪᠤᠯᠬᠤ ᠥᠭᠡᠢ᠃      ◇ ᠬᠥᠪᠪᠥᠮᠡᠯ ᠬᠥᠬᠦᠷᠭᠡ ᠪᠠᠷ ᠥᠡᠭᠭᠡᠷᠡᠬᠦ ᠳᠡᠭᠡᠨ ᠬᠥᠮᠥᠨ ᠲᠡᠷᠭᠡ ᠶᠢ ᠰᠠᠯᠭᠠᠵᠤ᠂ ᠵᠢᠯᠤᠭᠤᠴᠢ ᠶᠢ ᠭᠠᠷᠭᠠᠪᠠᠯ᠂ ᠪᠤᠰᠤᠳ ᠬᠥᠮᠥᠰ ᠨᠢ ᠶᠠᠪᠠᠭᠠᠨ ᠢᠶᠠᠷ ᠬᠥᠪᠪᠥᠮᠡᠯ ᠬᠥᠬᠦᠷᠭᠡ ᠶᠢ ᠥᠡᠭᠭᠡᠷᠡᠬᠦ ᠭᠡᠷᠡᠭᠳᠡᠢ᠃      ◇ ᠵᠤᠭᠠᠴᠠᠯ ᠤᠨ ᠤᠡᠭᠭᠤᠴᠠ᠂ ᠬᠡᠳᠥᠯᠬᠦ ᠰᠡᠯ ᠳᠤ ᠰᠠᠭᠤᠬᠤ ᠠᠴᠠ ᠪᠠᠨ ᠡᠮᠥᠨ᠎ᠡ ᠠᠪᠤᠷᠠᠯᠳᠠ ᠶᠢᠨ ᠬᠤᠪᠴᠠᠰᠤ ᠶᠢ ᠰᠠᠶᠢᠳᠤᠷ ᠡᠮᠦᠰᠴᠤ ᠠᠶᠠᠯᠠᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号