| | ᠨᠤᠷᠠᠨ ᠶᠡᠬᠦᠷᠡᠬᠦ ᠭᠡᠳᠡᠭ ᠪᠤᠯ ᠡᠭᠴᠡ ᠠᠭᠤᠯᠠᠨ ᠤ ᠬᠢᠷ᠎ᠠ ᠬᠥᠳᠥᠯ ᠤᠨ ᠴᠢᠯᠠᠭᠤ ᠪᠤᠶᠤ ᠰᠢᠷᠤᠢ ᠨᠢ | ᠬᠥᠨᠳᠤ ᠶᠢᠨ ᠬᠥᠴᠥᠨ ᠤ ᠥᠢᠯᠡᠳᠥᠯ ᠲᠤᠤᠷ᠎ᠠ᠂ ᠶᠡᠬᠦᠷᠡᠵᠤ ᠨᠤᠷᠠᠬᠤ ᠪᠠ ᠥᠡᠭᠬᠦᠷᠢᠳᠥᠨ ᠬᠥᠳᠡᠯᠬᠦ ᠥᠵᠡᠭᠳᠡᠯ ᠮᠥᠨ | ᠃ ᠨᠤᠷᠠᠵᠤ ᠶᠡᠬᠦᠷᠡᠭᠰᠡᠨ ᠠᠴᠠ ᠪᠤᠯᠵᠤ ᠶᠡᠷᠥᠳᠡᠭᠡᠨ ᠵᠠᠮ ᠬᠠᠷᠢᠯᠴᠠᠭ᠎ᠠ ᠲᠠᠰᠤᠯᠳᠠᠵᠤ ᠪᠥᠭᠯᠡᠷᠡᠨ ᠲᠥᠭᠵᠢᠷᠡᠬᠦ ᠪᠤᠶᠤ | ᠠᠭᠤᠯᠠᠨ ᠤ ᠬᠤᠷᠮᠤᠢ ᠳᠠᠬᠢ ᠡᠳ᠋ ᠪᠤᠳᠠᠰ ᠢ ᠡᠪᠳᠡᠯᠵᠤ ᠨᠤᠷᠠᠭᠠᠵᠤ᠂ ᠭᠡᠷᠪᠡ ᠥᠶᠡᠷ ᠪᠤᠯᠪᠠᠯ ᠰᠢᠭᠤᠳ ᠰᠢᠪᠡᠷ | ᠴᠢᠯᠠᠭᠤᠨ ᠤ ᠤᠷᠤᠰᠬᠠᠯ ᠪᠤᠯᠵᠤ ᠪᠥᠷᠢᠯᠳᠥᠳᠡᠭ᠃ ᠬᠠᠮᠤᠭ ᠬᠥᠨᠳᠤ ᠨᠤᠴᠢᠳᠠᠢ ᠶᠠᠪᠤᠳᠠᠯ ᠨᠢ ᠪᠤᠯ ᠨᠤᠷᠠᠵᠤ | ᠶᠡᠬᠦᠷᠡᠭᠰᠡᠨ ᠠᠴᠠ ᠭᠤᠤᠯ ᠤᠨ ᠤᠷᠤᠰᠬᠠᠯ ᠲᠠᠰᠤᠯᠤᠭᠳᠠᠨ ᠪᠥᠭᠯᠡᠷᠡᠵᠤ ᠬᠠᠰᠢᠯᠭ᠎ᠠ ᠪᠥᠷᠢᠯᠳᠥᠵᠤ᠂ ᠲᠡᠭᠡᠳᠤ | ᠤᠷᠤᠰᠬᠠᠯ ᠤᠨ ᠤᠰᠤ ᠬᠤᠷᠠᠭᠰᠠᠨ ᠠᠴᠠ ᠪᠤᠯᠵᠤ᠂ ᠭᠤᠤᠯ ᠤᠨ ᠤᠰᠤ ᠪᠢᠯᠬᠠᠷᠠᠨ ᠤᠰᠤᠨ ᠤ ᠭᠠᠮᠰᠢᠬ ᠢ | ᠡᠬᠦᠰᠭᠡᠳᠡᠭ᠃ | ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ○ ᠨᠤᠷᠠᠵᠤ ᠶᠡᠬᠦᠷᠡᠭᠰᠡᠨ ᠥᠶ᠎ᠡ ᠳᠤ ᠲᠡᠷᠭᠡ ᠬᠥᠰᠭᠡ ᠨᠦᠭᠦᠳ ᠭᠢᠷ᠎ᠡ ᠬᠥᠳᠥᠯ ᠤᠨ ᠵᠠᠮ ᠠᠴᠠ ᠥᠳᠳᠥᠷ | ᠲᠥᠷᠭᠡᠨ ᠢᠶᠠᠷ ᠵᠠᠶᠢᠯᠠᠨ᠎ᠠ᠃ | ○ ᠨᠤᠷᠠᠵᠤ ᠶᠡᠬᠦᠷᠡᠭᠡᠳ ᠵᠠᠮ ᠮᠥᠷ ᠪᠥᠭᠯᠡᠭᠳᠡᠭᠰᠡᠨ ᠪᠤᠯ ᠵᠠᠮ ᠬᠠᠷᠢᠯᠴᠠᠭᠠᠨ ᠤ ᠴᠠᠭᠳᠠᠭ᠎ᠠ ᠶᠢᠨ | ᠵᠢᠯᠤᠭᠤᠳᠤᠨ ᠲᠠᠭᠠᠭᠤᠯᠬᠤ ᠶᠢ ᠬᠦᠯᠢᠶᠡᠨ᠎ᠡ᠃ | ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇ ᠵᠤᠨ ᠤ ᠥᠶᠡᠷ ᠤᠨ ᠬᠤᠭᠤᠴᠠᠭᠠᠨ ᠳᠤ ᠲᠤᠬᠠᠢ ᠶᠢᠨ ᠭᠠᠵᠠᠷ ᠤᠨ ᠴᠠᠭ ᠠᠭᠤᠷ ᠤᠨ ᠮᠡᠳᠡᠭᠡ ᠶᠢ | ᠰᠤᠨᠤᠰᠬᠤ ᠪᠠᠨ ᠠᠩᠬᠠᠷᠴᠤ᠂ ᠶᠡᠭᠡ ᠪᠤᠷᠤᠭᠠᠨ ᠤᠷᠤᠭᠰᠠᠨ ᠤ ᠲᠠᠷᠠᠭ᠎ᠠ ᠪᠤᠶᠤ ᠵᠠᠯᠭᠠᠪᠡᠷ ᠪᠤᠷᠤᠭᠠᠨ ᠤᠷᠤᠭᠰᠠᠨ ᠤ | ᠲᠠᠷᠠᠭ᠎ᠠ ᠠᠭᠤᠯᠠᠷᠬᠠᠭ ᠤᠷᠤᠨ ᠤ ᠭᠤᠤ ᠵᠢᠯᠠᠭ᠎ᠠ ᠪᠠᠷ ᠠᠶᠠᠯᠠᠬᠤ ᠠᠴᠠ ᠴᠢᠳᠠᠬᠤ ᠶᠢᠨ ᠲᠤᠳᠤᠷ᠎ᠠ ᠵᠠᠶᠢᠯᠠᠬᠤ ᠭᠡᠷᠡᠭᠳᠡᠢ᠃ | | ◇ ᠪᠤᠷᠤᠭᠠᠨ ᠤ ᠤᠯᠠᠷᠢᠯ ᠳᠤ ᠡᠭᠴᠡ ᠬᠢᠷ᠎ᠠ ᠬᠥᠳᠥᠯ᠂ ᠠᠶᠤᠯ ᠲᠠᠢ ᠬᠠᠳᠠᠨ ᠤ ᠤᠢᠢᠷᠠᠯᠴᠠᠭ᠎ᠠ | ᠵᠤᠭᠰᠤᠬᠤ ᠶᠢ ᠴᠡᠭᠡᠷᠯᠡᠨ᠎ᠡ᠃ | ◇ ᠬᠤᠳᠤᠭᠤᠷ ᠪᠠᠯ᠂ ᠠᠶᠤᠯ ᠲᠠᠢ ᠬᠠᠳᠠ ᠴᠢᠯᠠᠭᠤ ᠴᠤᠬᠤᠢᠢᠵᠤ ᠰᠡᠷᠪᠠᠶᠢᠭ᠍ᠰᠡᠨ ᠭᠠᠵᠠᠷ ᠲᠤ | ᠪᠤᠷᠤᠭᠠᠨ ᠠᠴᠠ ᠲᠠᠯᠳᠠᠯᠠᠵᠤ᠂ ᠠᠮᠤᠰᠬᠢᠬᠤ ᠪᠤᠶᠤ ᠶᠠᠪᠤᠵᠤ ᠪᠤᠯᠬᠤ ᠥᠭᠡᠢ᠂ ᠠᠶᠤᠯ ᠲᠠᠢ ᠬᠠᠳᠠ ᠴᠢᠯᠠᠭᠤᠨ ᠲᠡᠭᠡᠷ᠎ᠡ | ᠠᠪᠠᠷᠢᠵᠤ ᠪᠤᠯᠬᠤ ᠥᠭᠡᠢ᠃ | ◇ ᠠᠭᠤᠯᠠᠨ ᠤ ᠬᠢᠷ᠎ᠠ ᠬᠥᠳᠥᠯ ᠤᠨ ᠨᠠᠯᠤ ᠶᠢᠨ ᠭᠡᠮᠵᠢᠶ᠎ᠡ ᠨᠢ 45° ᠠᠴᠠ ᠶᠡᠭᠡ ᠪᠠᠶᠢᠬᠤ ᠮᠥᠷᠳᠡᠭᠡᠨ | ᠥᠨᠳᠥᠷ ᠪᠤᠭᠤᠨᠢ ᠨᠢ ᠨᠡᠯᠢᠶᠡᠳ ᠵᠥᠷᠢᠶᠡᠨ ᠲᠠᠢ ᠪᠤᠶᠤ ᠠᠭᠤᠯᠠᠨ ᠤ ᠬᠢᠷ᠎ᠠ ᠬᠥᠳᠥᠯ ᠨᠢ ᠲᠤᠰᠠᠭᠠᠷᠯᠠᠭᠠᠳ ᠠᠭᠤᠯᠠᠨ | ᠬᠤᠰᠢᠭᠤ ᠪᠤᠯᠤᠨ ᠬᠤᠳᠤᠭᠤᠷ ᠬᠢᠷ᠎ᠠ ᠬᠥᠳᠥᠯ ᠵᠡᠷᠭᠡ ᠶᠢᠨ ᠭᠡᠯᠪᠡᠷᠢ ᠲᠠᠢ ᠪᠤᠯᠤᠭᠰᠠᠨ ᠵᠢᠴᠢ ᠬᠢᠷ᠎ᠠ ᠬᠥᠳᠥᠯ ᠤᠨ | ᠤᠷᠢᠳᠤᠭᠤᠷᠬᠢ ᠭᠡᠰᠡᠭ ᠨᠢ ᠬᠥᠨᠳᠡᠢ ᠥᠡᠭᠭᠡᠶᠢᠭᠰᠡᠨ᠂ ᠬᠢᠷ᠎ᠠ ᠬᠥᠳᠥᠯ ᠨᠢ ᠮᠡᠳᠡᠭᠳᠡᠮ᠎ᠡ ᠠᠩ ᠵᠠᠪᠰᠠᠷ ᠭᠠᠷᠤᠭᠰᠠᠨ | ᠪᠠᠶᠢᠪᠠᠯ ᠴᠥᠮ ᠠᠮᠠᠷᠬᠠᠨ ᠨᠤᠷᠠᠵᠤ ᠶᠡᠬᠦᠷᠡᠬᠦ ᠪᠤᠯᠤᠨ᠎ᠠ᠃ | ◇ ᠭᠡᠷᠪᠡ ᠠᠰᠬ᠎ᠠ ᠬᠠᠯᠢᠯ ᠠᠴᠠ ᠰᠢᠷᠤᠢ ᠴᠢᠯᠠᠭᠤ ᠤᠨᠠᠵᠤ ᠪᠠᠶᠢᠪᠠᠯ᠂ ᠲᠤᠤᠭᠤᠷ ᠨᠢ ᠶᠠᠪᠤᠵᠤ ᠪᠤᠯᠬᠤ | ᠥᠭᠡᠢ᠃ | |