ᠬᠤᠤᠷᠳᠠᠭᠳᠠᠬᠤ ᠠᠳᠡᠯ - ᠳ᠋ᠥ᠋ ᠱᠥ ᠴᠢᠶᠠᠩ ᠡᠮ ᠤᠨ ᠬᠤᠤᠷᠳᠠᠯ ᠠᠴᠠ ᠰᠡᠷᠭᠡᠶᠢᠯᠡᠬᠦ ᠨᠢ
ᠨᠡᠶᠢᠲᠡᠯᠡᠭᠰᠡᠨ ᠴᠠᠭ᠄
2017/12/12
       ᠳ᠋ᠥ᠋ ᠱᠤ᠋ ᠴᠢᠶᠠᠩ ᠡᠮ ᠪᠤᠯ ᠰᠢᠩᠭᠡᠭᠡᠯᠳᠡ ᠶᠢᠨ ᠵᠠᠮ᠂ ᠠᠮᠢᠰᠬᠤᠯ ᠤᠨ ᠵᠠᠮ ᠢᠶᠠᠷ ᠲᠡᠮᠵᠢᠨ ᠬᠥᠮᠥᠨ ᠤ ᠪᠡᠶ᠎ᠡ ᠳᠤ ᠰᠢᠩᠭᠡᠨ ᠬᠤᠤᠷᠳᠠᠯ ᠡᠬᠦᠰᠭᠡᠳᠡᠭ᠃ ᠬᠤᠤᠷᠳᠠᠯ ᠨᠢ ᠤᠯᠠᠩᠬᠢ ᠳᠠᠭᠠᠨ ᠳ᠋ᠥ᠋ ᠱᠤ᠋ ᠴᠢᠶᠠᠩ ᠡᠮ ᠢᠶᠠᠷ ᠨᠠᠶᠢᠷᠠᠭᠤᠯᠤᠭᠰᠠᠨ ᠬᠤᠯᠤᠭᠠᠨ᠎ᠠ ᠤᠰᠠᠳᠬᠠᠬᠤ ᠥᠭᠶᠥᠭᠡ ᠪᠤᠯᠤᠨ ᠳ᠋ᠥ᠋ ᠱᠤ᠋ ᠴᠢᠶᠠᠩ ᠡᠮ ᠳᠤ ᠪᠤᠬᠢᠷᠳᠤᠭᠰᠠᠨ ᠢᠳᠡᠭᠡᠨ ᠢ ᠠᠳᠡᠬᠦᠷᠡᠨ ᠢᠳᠡᠭᠰᠡᠨ ᠠᠴᠠ ᠡᠬᠦᠰᠳᠡᠭ᠃       ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ      ● ᠳ᠋ᠥ᠋ ᠱᠤ᠋ ᠴᠢᠶᠠᠩ ᠡᠮ ᠠᠭᠤᠯᠤᠭᠳᠠᠵᠤ ᠪᠠᠶᠢᠵᠤ ᠮᠡᠳᠡᠬᠦ ᠢᠳᠡᠭᠡᠨ ᠢ ᠲᠡᠷᠦ᠋ᠢᠬᠠᠨ ᠢᠳᠡᠬᠦ ᠪᠠᠨ ᠵᠤᠭᠰᠤᠬᠤ ᠪᠠ ᠪᠢᠳᠡᠬᠦᠮᠵᠢᠯᠡᠨ ᠬᠠᠳᠠᠭᠠᠯᠠᠨ᠎ᠠ᠃      ● ᠲᠡᠷᠦ᠋ᠢᠬᠠᠨ ᠪᠥᠭᠡᠯᠵᠢᠨ ᠭᠠᠷᠭᠠᠬᠤ᠂ ᠬᠤᠳᠤᠭᠤᠳᠤ ᠪᠠᠨ ᠤᠬᠢᠶᠠᠯᠭᠠᠬᠤ᠂ ᠲᠤᠭᠤᠯᠠᠭᠤᠯᠬᠤ ᠠᠷᠭ᠎ᠠ ᠪᠠᠷ ᠬᠤᠳᠤᠭᠤᠳᠤᠨ ᠳᠠᠬᠢ ᠬᠤᠤᠷᠳᠤ ᠡᠳ᠋ ᠢ ᠴᠡᠪᠡᠷᠯᠡᠨ ᠠᠷᠢᠯᠭᠠᠬᠤ ᠭᠡᠷᠡᠭᠳᠡᠢ᠃      ● ᠠᠮᠢᠰᠬᠤᠯ ᠤᠨ ᠵᠠᠮ ᠢ ᠰᠢᠯᠤᠭᠤᠨ ᠪᠠᠶᠢᠯᠭᠠᠵᠤ᠂ ᠴᠡᠷ ᠨᠤᠯᠮᠤᠰᠤ ᠪᠠᠨ ᠰᠤᠷᠤᠭᠤᠯᠬᠤ ᠭᠡᠷᠡᠭᠳᠡᠢ᠃      ● ᠪᠡᠶ᠎ᠡ ᠨᠢ ᠲᠠᠳᠠᠭᠰᠠᠨ ᠪᠤᠯ ᠡᠪᠡᠳᠴᠢᠳᠡᠨ ᠢ ᠲᠤᠬᠢᠳᠠᠢ ᠬᠠᠮᠠᠭᠠᠯᠠᠵᠤ᠂ ᠤᠨᠠᠵᠤ ᠲᠤᠰᠴᠤ ᠰᠢᠷᠬᠠᠳᠤᠬᠤ᠂ ᠪᠤᠯᠴᠢᠩ ᠮᠢᠬ᠎ᠠ ᠨᠢ ᠢᠵᠠᠷᠠᠬᠤ᠂ ᠶᠠᠰᠤ ᠨᠢ ᠬᠤᠭᠤᠷᠠᠬᠤ ᠪᠤᠶᠤ ᠥᠶ᠎ᠡ ᠭᠡᠰᠢᠬᠦᠤ ᠨᠢ ᠮᠤᠯᠳᠤᠷᠠᠬᠤ ᠶᠢ ᠰᠡᠷᠭᠡᠶᠢᠯᠡᠬᠦ ᠭᠡᠷᠡᠭᠳᠡᠢ︔ ᠨᠢᠷᠤᠭᠤᠨ ᠲᠤᠤᠷ᠎ᠠ ᠨᠢ ᠬᠤᠪᠴᠠᠰᠤ ᠬᠤᠨᠠᠷ ᠲᠡᠪᠢᠰᠥᠨ ᠥᠭᠴᠤ᠂ ᠨᠢᠷᠤᠭᠤ ᠨᠢ ᠬᠤᠯᠭᠤᠬᠤ ᠪᠠ ᠨᠢᠷᠤᠭᠤᠨ ᠶᠠᠰᠤ ᠨᠢ ᠭᠡᠮᠳᠥᠬᠦ ᠠᠴᠠ ᠰᠡᠷᠭᠡᠶᠢᠯᠡᠬᠦ ᠭᠡᠷᠡᠭᠳᠡᠢ︔ ᠭᠡᠯᠡ ᠪᠠᠨ ᠬᠠᠵᠠᠬᠤ ᠠᠴᠠ ᠨᠢ ᠰᠡᠷᠭᠡᠶᠢᠯᠡᠵᠤ᠂ ᠰᠢᠳᠤᠨ ᠵᠠᠪᠰᠠᠷ ᠨᠢ ᠱᠠ ᠪᠥᠰᠡ ᠵᠠᠭᠤᠯᠭᠠᠬᠤ ᠭᠡᠷᠡᠭᠳᠡᠢ᠂ ᠭᠡᠬᠦ ᠳᠡᠭᠡᠨ᠂ ᠠᠮᠢᠰᠬᠤᠯ ᠢ ᠨᠢ ᠨᠥᠯᠥᠭᠡᠯᠡᠬᠦ ᠠᠴᠠ ᠰᠡᠷᠭᠡᠶᠢᠯᠡᠨ᠂ ᠠᠷᠠᠭᠠᠨ ᠳᠤᠨᠢ ᠪᠥᠰ ᠵᠠᠭᠤᠯᠭᠠᠵᠤ ᠪᠤᠯᠬᠤ ᠥᠭᠡᠢ᠃      ● ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠴᠢᠳ ᠲᠤ ᠲᠡᠷᠦ᠋ᠢᠬᠠᠨ ᠬᠥᠮᠥᠨ ᠤ ᠬᠥᠴᠤ ᠪᠠᠷ ᠠᠮᠢᠰᠬᠤᠯ ᠠᠪᠤᠭᠤᠯᠬᠤ ᠪᠠ ᠴᠡᠭᠡᠵᠢᠨ ᠭᠡᠰᠡᠭ ᠢ ᠨᠢ ᠲᠡᠷᠤᠯᠬᠢᠯᠠᠨ ᠥᠭᠬᠦ ᠭᠡᠷᠡᠭᠳᠡᠢ᠃      ● ᠲᠡᠷᠦ᠋ᠢᠬᠠᠨ ᠤᠢᠢᠷ᠎ᠠ ᠤᠷᠴᠢᠮ ᠤᠨ ᠡᠮᠨᠡᠯᠭᠡ ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃      ᠲᠤᠰᠬᠠᠢ ᠮᠡᠷᠭᠡᠵᠢᠯᠳᠡᠨ ᠤ ᠰᠠᠨᠠᠭᠤᠯᠤᠮᠵᠢ      ◇ ᠳ᠋ᠥ᠋ ᠱᠤ᠋ ᠴᠢᠶᠠᠩ ᠡᠮ ᠨᠢ ᠲᠡᠮ ᠬᠤᠤᠷᠳᠠᠯ ᠢ ᠡᠬᠦᠰᠭᠡᠳᠡᠭ ᠪᠤᠯᠬᠤᠷ ᠥᠬᠦᠭᠰᠡᠨ ᠰᠢᠯᠳᠠᠭᠠᠨ ᠨᠢ ᠲᠤᠳᠤ ᠥᠭᠡᠢ ᠮᠠᠯ ᠵᠢᠬᠦᠷᠳᠡᠨ ᠤ ᠮᠢᠬ᠎ᠠ ᠶᠢ ᠢᠳᠡᠵᠤ ᠪᠤᠯᠬᠤ ᠥᠭᠡᠢ᠃      ◇ ᠤᠯᠤᠰ ᠠᠴᠠ ᠳ᠋ᠥ᠋ ᠱᠤ᠋ ᠴᠢᠶᠠᠩ ᠡᠮ ᠢ ᠥᠢᠯᠡᠳᠪᠥᠷᠢᠯᠡᠬᠦ ᠪᠠ ᠭᠡᠷᠡᠭᠯᠡᠬᠦ ᠶᠢ ᠴᠠᠭᠠᠵᠠᠯᠠᠵᠤ ᠪᠤᠢ᠃ ᠭᠡᠷᠪᠡ ᠲᠤᠰ ᠡᠮ ᠢ ᠨᠠᠶᠢᠷᠠᠭᠤᠯᠵᠤ ᠪᠤᠷᠤᠯᠠᠭᠤᠯᠵᠤ ᠪᠠᠶᠢᠭ᠎ᠠ ᠠᠵᠢᠯᠯᠠᠭ᠎ᠠ ᠶᠢ ᠤᠯᠵᠤ ᠮᠡᠳᠡᠪᠡᠯ ᠲᠡᠷᠦ᠋ᠢᠬᠠᠨ ᠲᠤᠳᠤᠭᠠᠳᠤ ᠶᠢ ᠬᠠᠮᠠᠭᠠᠯᠠᠬᠤ᠂ ᠠᠵᠤ ᠥᠢᠯᠡᠳᠪᠥᠷᠢ ᠬᠤᠳᠠᠯᠳᠤᠭ᠎ᠠ ᠵᠡᠷᠭᠡ ᠰᠠᠯᠠᠭ᠎ᠠ ᠮᠥᠴᠢᠷ ᠲᠤ ᠢᠯᠡᠴᠢᠯᠡᠨ ᠮᠡᠳᠡᠬᠦᠯᠬᠦ ᠭᠡᠷᠡᠭᠳᠡᠢ᠃      ◇ ᠰᠤᠨᠤᠷ ᠰᠡᠷᠡᠮᠵᠢ ᠪᠠᠨ ᠲᠡᠭᠡᠭᠰᠢᠯᠡᠬᠦᠯᠵᠤ᠂ ᠰᠡᠷᠭᠡᠶᠢᠯᠡᠯᠳᠡ ᠬᠠᠮᠠᠭᠠᠯᠠᠯᠳᠠ ᠪᠠᠨ ᠴᠢᠩᠭᠠᠳᠬᠠᠵᠤ᠂ ᠵᠤᠷᠢᠯᠬ᠎ᠠ ᠲᠠᠢ ᠪᠠᠷ ᠬᠤᠤᠷ ᠲᠡᠯᠪᠢᠬᠤ ᠶᠢ ᠴᠢᠩᠭ᠎ᠠ ᠰᠡᠷᠭᠡᠶᠢᠯᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号