ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠬᠤ ᠳᠤ ᠲᠤᠰᠢᠶᠠᠪᠠᠰᠤ ᠵᠤᠬᠢᠬᠤ ᠦᠨᠡᠮᠯᠡᠯ᠂ ᠭᠡᠷᠡᠴᠢ ᠮᠠᠲ᠋ᠧᠷᠢᠶᠠᠯ ᠪᠠ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠬᠡᠪᠴᠢᠶ᠎ᠡ
ᠨᠡᠶᠢᠲᠡᠯᠡᠭᠰᠡᠨ ᠴᠠᠭ᠄
2017/11/20
      ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠬᠤ ᠳᠤ ᠲᠤᠰᠢᠶᠠᠪᠠᠰᠤ ᠵᠤᠬᠢᠬᠤ ᠦᠨᠡᠮᠯᠡᠯ       ᠭᠡᠷᠡᠴᠢ ᠮᠠᠲ᠋ᠧᠷᠢᠶᠠᠯ ᠪᠠ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠬᠡᠪᠴᠢᠶ᠎ᠡ       ᠨᠢᠭᠡ᠂ ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠬᠤ ᠳᠤ ᠲᠤᠰᠢᠶᠠᠪᠠᠰᠤ ᠵᠤᠬᠢᠬᠤ ᠦᠨᠡᠮᠯᠡᠯ᠂ ᠭᠡᠷᠡᠴᠢ ᠮᠠᠲ᠋ᠧᠷᠢᠶᠠᠯ       ︵ᠨᠢᠭᠡ︶ ᠪᠡᠶ᠎ᠡ ᠶᠢᠨ ᠦᠨᠡᠮᠯᠡᠯ ᠪᠤᠶᠤ ᠪᠤᠰᠤᠳ ᠬᠦᠴᠤᠨ ᠪᠦᠬᠦᠢ ᠪᠡᠶ᠎ᠡ ᠶᠢᠨ ᠬᠡᠷᠡᠴᠢᠯᠡᠯ︔ ᠤᠷᠤᠯᠠᠨ ᠭᠤᠶᠤᠴᠢᠯᠠᠭᠴᠢ ᠪᠠᠰᠠ ᠤᠷᠤᠯᠠᠬᠤ ᠡᠷᠬᠡ ᠪᠦᠬᠦᠢ ᠬᠡᠷᠡᠴᠢ ᠪᠠᠨ ᠲᠤᠰᠢᠶᠠᠪᠠᠯ ᠵᠤᠬᠢᠨ᠎ᠠ︔       ︵ᠬᠤᠶᠠᠷ︶ ᠠᠵᠦ ᠠᠬᠤᠢ ᠶᠢᠨ ᠬᠦᠴᠢᠷᠳᠠᠯ ᠤᠨ ᠬᠡᠷᠡᠴᠢ ︵ᠭᠠᠴᠠᠭ᠎ᠠ᠂ ᠰᠠᠭᠤᠭᠠᠯᠢ ᠠᠷᠠᠳ ᠤᠨ ᠵᠦᠪᠯᠡᠯ ᠠᠴᠠ ᠤᠯᠭᠤᠨ᠎ᠠ︶︔       ︵ᠭᠤᠷᠪᠠ︶ ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠬᠤ ᠬᠡᠷᠡᠭ ᠶᠠᠪᠤᠳᠠᠯ ᠯᠤᠭ᠎ᠠ ᠬᠤᠯᠪᠤᠭᠳᠠᠬᠤ ᠬᠡᠷᠡᠭ ᠤᠨ ᠮᠠᠲ᠋ᠧᠷᠢᠶᠠᠯ︔       ᠬᠤᠶᠠᠷ᠂ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠬᠡᠪᠴᠢᠶ᠎ᠡ      ︽ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠲᠦᠷᠢᠮ︾ ᠳᠤ ᠲᠤᠭᠳᠠᠭᠠᠭᠰᠠᠨ ᠨᠢ᠄       ᠨᠢᠭᠡ᠂ ᠠᠷᠠᠳ ᠢᠷᠭᠡᠳ ᠳᠤᠤᠷᠠᠬᠢ ᠮᠡᠳᠤ ᠤᠷᠤᠯᠡᠨ ᠬᠦᠢᠴᠡᠳᠭᠡᠯᠬᠡᠬᠦ ᠴᠢᠬᠤᠯᠠᠲᠠᠢ ᠬᠡᠷᠡᠭ ᠶᠠᠪᠤᠳᠠᠯ ᠳᠤ ᠠᠵᠦ ᠠᠬᠤᠢ ᠶᠢᠨ ᠬᠦᠴᠢᠷᠳᠡᠯ ᠠᠴᠠ ᠪᠤᠯᠤᠭᠠᠳ ᠨᠠᠶᠢᠳᠠᠯᠭ᠎ᠠ ᠬᠦᠯᠢᠶᠡᠵᠦ ᠤᠷᠤᠯᠠᠨ ᠬᠦᠢᠴᠡᠳᠭᠡᠬᠦ ᠬᠦᠮᠤᠨ ᠦᠬᠡᠢ ᠪᠤᠯ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠪᠠᠶᠢᠭᠤᠯᠤᠮᠵᠢ ᠳᠤ ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠵᠦ ᠪᠤᠯᠤᠨ᠎ᠠ᠄       ︵ᠨᠢᠭᠡ︶ ᠤᠯᠤᠰ ᠢᠶᠠᠷ ᠲᠦᠯᠤᠭᠦᠯᠬᠦ ᠪᠠᠷ ᠬᠠᠤᠯᠢ ᠶᠤᠰᠤᠭᠠᠷ ᠭᠤᠶᠤᠴᠢᠯᠠᠬᠤ︔       ︵ᠬᠤᠶᠠᠷ︶ ᠨᠡᠶᠢᠭᠡᠮ ᠤᠨ ᠳᠠᠭᠠᠳᠬᠠᠯ ᠤᠨ ᠤᠯᠭᠤᠮᠵᠢ ᠪᠤᠶᠤ ᠨᠠᠭᠠᠳᠤ ᠵᠠᠬ᠎ᠠ ᠶᠢᠨ ᠠᠮᠢᠳᠤᠷᠠᠯ ᠤᠨ ᠤᠯᠭᠤᠮᠵᠢ ᠤᠯᠭᠤᠬᠤ ᠶᠢ ᠭᠤᠶᠤᠴᠢᠯᠠᠬᠤ︔       ︵ᠭᠤᠷᠪᠠ︶ ᠠᠰᠠᠷᠠᠮᠵᠢ ᠶᠢᠨ ᠮᠦᠩᠬᠦ᠂ ᠲᠡᠳᠭᠦᠮᠵᠢ ᠶᠢᠨ ᠮᠦᠩᠬᠦ ᠤᠯᠭᠤᠬᠤ ᠶᠢ ᠭᠤᠶᠤᠴᠢᠯᠠᠬᠤ︔       ︵ᠳᠦᠷᠪᠡ︶ ᠠᠰᠠᠷᠠᠨ ᠳᠡᠵᠢᠭᠡᠬᠦ ᠵᠠᠷᠤᠳᠠᠯ᠂ ᠠᠰᠠᠷᠠᠨ ᠬᠠᠷᠠᠭᠠᠯᠵᠠᠬᠤ ᠵᠠᠷᠤᠳᠠᠯ᠂ ᠠᠰᠠᠷᠠᠨ ᠲᠡᠳᠬᠦᠬᠦ ᠵᠠᠷᠤᠳᠠᠯ ᠦᠭᠬᠦ ᠶᠢ ᠭᠤᠶᠤᠴᠢᠯᠠᠬᠤ︔        ︵ᠳᠠᠪᠤ︶ ᠬᠦᠳᠡᠯᠮᠤᠷᠢ ᠶᠢᠨ ᠬᠠᠷᠠᠮᠵᠢ ᠦᠭᠬᠦ ᠶᠢ ᠭᠤᠶᠤᠴᠢᠯᠠᠬᠤ︔       ︵ᠵᠢᠷᠭᠤᠭ᠎ᠠ︶ ᠲᠦᠪ ᠶᠤᠰᠤᠨ ᠤ ᠲᠦᠯᠤᠭᠡ ᠡᠷᠡᠯᠭᠡᠭ ᠢᠶᠠᠷ ᠲᠡᠮᠡᠴᠡᠭᠰᠡᠨ ᠠᠵᠢᠯᠯᠠᠭ᠎ᠠ ᠠᠴᠠ ᠪᠤᠯᠤᠭᠰᠠᠨ ᠢᠷᠭᠡᠨ ᠤ ᠬᠡᠷᠡᠭ ᠤᠨ ᠡᠷᠬᠡ ᠠᠰᠢᠭ ᠢ ᠤᠯᠬᠤ᠃       ᠬᠤᠶᠠᠷ᠂ ᠡᠷᠡᠭᠦᠤ ᠶᠢᠨ ᠵᠠᠷᠭᠤ ᠳᠤ ᠳᠤᠤᠷᠠᠬᠢ ᠪᠠᠶᠢᠳᠠᠯ ᠤᠨ ᠨᠢᠭᠡ ᠨᠢ ᠪᠠᠶᠢᠪᠠᠯ᠂ ᠠᠷᠠᠳ ᠢᠷᠭᠡᠳ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠪᠠᠶᠢᠭᠤᠯᠤᠮᠵᠢ ᠳᠤ ᠬᠠᠤᠯᠢ ᠶᠢᠨ ᠲᠤᠰᠠᠯᠠᠮᠵᠢ ᠭᠤᠶᠤᠴᠢᠯᠠᠵᠦ ᠪᠤᠯᠤᠨ᠎ᠠ᠄     ︵ᠨᠢᠭᠡ︶ ᠶᠠᠯ᠎ᠠ ᠬᠢᠭᠰᠡᠡ ᠰᠡᠵᠢᠭᠳᠡᠨ ᠲᠤᠷᠰᠢᠨ ᠪᠠᠶᠢᠴᠠᠭᠠᠬᠤ ᠪᠠᠶᠢᠭᠤᠯᠭ᠎ᠠ ᠳᠤ ᠠᠩᠬ᠎ᠠ ᠤᠳᠠᠭ᠎ᠠ ᠠᠰᠠᠭᠤᠭᠳᠠᠭᠰᠠᠨ ᠤ ᠲᠠᠷᠠᠭ᠎ᠠ ᠪᠤᠶᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠤᠭᠤᠯᠠᠭᠰᠠᠨ ᠡᠳᠤᠷ ᠠᠴᠠ ᠡᠬᠢᠯᠡᠨ᠂ ᠠᠵᠦ ᠠᠬᠤᠢ ᠶᠢᠨ ᠬᠦᠴᠢᠷᠳᠠᠯ ᠠᠴᠠ ᠪᠤᠯᠵᠦ ᠤᠷᠢᠨ ᠵᠠᠯᠠᠭᠰᠠᠨ ᠦᠮᠦᠭᠯᠡᠭᠴᠢ ᠦᠬᠡᠢ ᠪᠠᠶᠢᠬᠤ︔      ︵ᠬᠤᠶᠠᠷ︶ ᠵᠠᠷᠭᠤ ᠶᠢᠨ ᠬᠡᠷᠡᠭ ᠲᠠᠬᠢ ᠬᠤᠤᠷᠯᠠᠭᠳᠠᠭᠰᠠᠳ ᠵᠢᠴᠢ ᠬᠠᠤᠯᠢ ᠪᠠᠷ ᠲᠤᠭᠳᠠᠭᠠᠭᠰᠠᠨ ᠤᠷᠤᠯᠠᠨ ᠭᠦᠢᠴᠡᠳᠭᠡᠭᠴᠢ ᠪᠤᠶᠤ ᠤᠶᠢᠷ᠎ᠠ ᠲᠦᠷᠦᠯ ᠰᠠᠳᠤᠨ ᠨᠢ ᠬᠡᠷᠡᠭ ᠢ ᠰᠢᠯᠵᠢᠬᠦᠯᠦᠨ ᠲᠤᠰᠢᠶᠠᠵᠦ ᠬᠢᠨᠠᠨ ᠪᠠᠶᠢᠴᠠᠭᠠᠭᠰᠠᠨ ᠡᠳᠤᠷ ᠠᠴᠠ ᠡᠬᠢᠯᠡᠨ᠂ ᠠᠵᠦ ᠠᠬᠤᠢ ᠶᠢᠨ ᠬᠦᠴᠢᠷᠳᠡᠯ ᠠᠴᠠ ᠪᠤᠯᠤᠭᠠᠳ ᠵᠠᠷᠭᠤ ᠶᠢᠨ ᠨᠠᠶᠢᠳᠠᠯᠭ᠎ᠠ ᠬᠦᠯᠢᠶᠡᠬᠦ ᠤᠷᠤᠯᠠᠨ ᠬᠦᠢᠴᠡᠳᠬᠡᠭᠴᠢ ᠦᠬᠡᠢ ᠪᠠᠶᠢᠬᠤ︔      ︵ᠭᠤᠷᠪᠠ︶ ᠦᠪᠡᠷᠳᠡᠭᠡᠨ ᠵᠠᠭᠠᠯᠳᠤᠭᠰᠠᠨ ᠬᠡᠷᠡᠭ ᠤᠨ ᠦᠪᠡᠷᠳᠡᠭᠡᠨ ᠵᠠᠭᠠᠯᠳᠤᠭᠴᠢ ᠵᠢᠴᠢ ᠬᠠᠤᠯᠢ ᠪᠠᠷ ᠲᠤᠭᠳᠠᠭᠠᠭᠰᠠᠨ ᠤᠷᠤᠯᠠᠨ ᠬᠦᠢᠴᠡᠳᠭᠡᠭᠴᠢ ᠨᠢ ᠬᠡᠷᠡᠭ ᠢ ᠠᠷᠠᠳ ᠤᠨ ᠰᠢᠬᠦᠬᠦ ᠬᠤᠷᠢᠶ᠎ᠠ ᠬᠦᠯᠢᠶᠡᠨ ᠠᠪᠤᠭᠰᠠᠨ ᠡᠳᠤᠷ ᠠᠴᠠ ᠡᠬᠢᠯᠡᠨ᠂ ᠠᠵᠦ ᠠᠬᠤᠢ ᠶᠢᠨ ᠬᠦᠴᠢᠷᠳᠡᠯ ᠠᠴᠠ ᠪᠤᠯᠤᠭᠠᠳ ᠵᠠᠷᠭᠤ ᠶᠢᠨ ᠨᠠᠶᠢᠳᠠᠯᠭ᠎ᠠ ᠬᠦᠯᠢᠶᠡᠬᠦ ᠤᠷᠤᠯᠠᠨ ᠬᠦᠢᠴᠡᠳᠭᠡᠭᠴᠢ ᠦᠬᠡᠢ ᠪᠠᠶᠢᠬᠤ᠃       ᠭᠤᠷᠪᠠ᠂ ᠠᠯᠪᠠᠨ ᠵᠠᠭᠠᠯᠳᠤᠭᠴᠢ ᠶᠢᠨ ᠰᠢᠬᠦᠯᠳᠠ ᠳᠤ ᠵᠠᠭᠠᠯᠳᠤᠭᠰᠠᠨ ᠬᠡᠷᠡᠭ ᠲᠤ ᠵᠠᠭᠠᠯᠳᠤᠭᠳᠠᠭᠴᠢ ᠨᠢ ᠠᠵᠦ ᠠᠬᠤᠢ ᠶᠢᠨ ᠬᠦᠴᠢᠷᠳᠡᠯ ᠪᠤᠶᠤ ᠪᠤᠰᠤᠳ ᠰᠢᠯᠳᠠᠭᠠᠨ ᠠᠴᠠ ᠪᠤᠯᠤᠭᠠᠳ ᠨᠠᠶᠢᠳᠠᠭᠰᠠᠨ ᠦᠮᠦᠭᠯᠡᠭᠴᠢ ᠦᠬᠡᠢ ᠪᠤᠯ ᠠᠷᠠᠳ ᠤᠨ ᠰᠢᠬᠦᠬᠦ ᠬᠤᠷᠢᠶ᠎ᠠ ᠠᠴᠠ ᠵᠠᠭᠠᠯᠳᠤᠭᠳᠠᠭᠴᠢ ᠳᠤ ᠦᠮᠦᠭᠯᠡᠬᠦ ᠶᠢ ᠲᠤᠭᠳᠠᠭᠠᠭᠰᠠᠨ ᠦᠶᠠᠰ᠂ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠪᠠᠶᠢᠭᠤᠯᠤᠮᠵᠢ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠪᠡᠯ ᠵᠤᠬᠢᠨ᠎ᠠ᠃      ᠵᠠᠭᠠᠯᠳᠤᠭᠳᠠᠭᠴᠢ ᠨᠢ ᠰᠤᠬᠤᠷ᠂ ᠲᠦᠯᠡᠢ᠂ ᠶᠠᠪᠠ ᠬᠦᠮᠤᠨ ᠪᠤᠶᠤ ᠨᠠᠰᠤᠨ ᠳᠤ ᠦᠯᠦ ᠬᠦᠷᠦᠭᠰᠡᠳ ᠪᠦᠭᠡᠳ ᠨᠠᠶᠢᠳᠠᠭᠰᠠᠨ ᠦᠮᠦᠭᠯᠡᠭᠴᠢ ᠦᠬᠡᠢ ᠡᠰᠡᠬᠦᠯ᠎ᠡ ᠵᠠᠭᠠᠯᠳᠤᠭᠳᠠᠭᠴᠢ ᠨᠢ ᠠᠯᠠᠬᠤ ᠶᠠᠯ᠎ᠠ ᠪᠠᠷ ᠰᠢᠳᠭᠡᠭᠳᠡᠵᠦ ᠮᠡᠳᠡᠬᠦ ᠠᠴᠠ ᠪᠤᠯᠤᠭᠠᠳ ᠨᠠᠶᠢᠳᠠᠭᠰᠠᠨ ᠦᠮᠦᠭᠯᠡᠭᠴᠢ ᠦᠬᠡᠢ ᠪᠤᠯ ᠠᠷᠠᠳ ᠤᠨ ᠰᠢᠬᠦᠬᠦ ᠬᠤᠷᠢᠶ᠎ᠠ ᠠᠴᠠ ᠵᠠᠭᠠᠯᠳᠤᠭᠳᠠᠭᠴᠢ ᠳᠤ ᠦᠮᠦᠭᠯᠡᠬᠦ ᠶᠢ ᠲᠤᠭᠳᠠᠭᠠᠭᠰᠠᠨ ᠦᠶᠠᠰ᠂ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠪᠠᠶᠢᠭᠤᠯᠤᠮᠵᠢ ᠨᠢ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠦᠨ᠎ᠡ᠂ ᠵᠠᠭᠠᠯᠳᠤᠭᠳᠠᠭᠴᠢ ᠳᠤ ᠠᠵᠦ ᠠᠬᠤᠢ ᠶᠢᠨ ᠪᠠᠶᠢᠳᠠᠯ ᠤᠨ ᠬᠢᠨᠠᠨ ᠪᠠᠶᠢᠴᠠᠭᠠᠯᠳᠠ ᠬᠢᠬᠦ ᠴᠢᠬᠤᠯᠠ ᠦᠬᠡᠢ᠃     ᠳᠦᠷᠪᠡ᠂ ︽︿ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠲᠦᠷᠢᠮ﹀ ᠢ ᠲᠤᠤᠱᠯᠠᠭᠤᠯᠵᠦ᠂ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠠᠵᠢᠯ ᠢ ᠴᠢᠩᠭᠠᠳᠬᠠᠬᠤ ᠲᠤᠬᠠᠢ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠰᠠᠨᠠᠯ︾ ︵ᠦᠪᠤᠷ ᠵᠠᠰᠠᠭ ᠲᠠᠷᠬᠠᠭᠠᠭᠰᠠᠨ︹2004︺ 358 ᠳ᠋ᠤᠭᠠᠷ ᠲᠤᠭᠠᠳᠤ︶᠂ ︽ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠠᠵᠢᠯ ᠢ ᠤᠯᠠᠮ ᠴᠢᠩᠭᠠᠳᠬᠠᠬᠤ ᠲᠤᠬᠠᠢ ᠦᠪᠤᠷ ᠮᠤᠩᠭᠤᠯ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠰᠠᠨᠠᠯ︾ ︵ᠦᠪᠤᠷ ᠵᠠᠰᠠᠭ ᠲᠠᠷᠬᠠᠭᠠᠭᠰᠠᠨ ︹2010︺ 9 ᠳ᠋ᠤᠭᠡᠷ ᠲᠤᠭᠠᠳᠤ︶ ᠳᠤ ᠲᠤᠭᠳᠠᠭᠠᠭᠰᠠᠨ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠬᠡᠪᠴᠢᠶ᠎ᠡ ᠪᠤᠯ᠄     ᠬᠠᠤᠯᠢ ᠴᠠᠭᠠᠵᠠ ᠳᠤ ᠲᠤᠭᠳᠠᠭᠠᠭᠰᠠᠨ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠪᠡᠯ ᠵᠤᠬᠢᠬᠤ ᠪᠤᠶᠤ ᠦᠵᠡᠬᠦᠯᠵᠦ ᠪᠤᠯᠬᠤ ᠡᠷᠡᠭᠦᠤ ᠶᠢᠨ ᠵᠠᠷᠭᠤ ᠶᠢᠨ ᠬᠡᠷᠡᠭ︔ ᠵᠠᠰᠠᠭ ᠵᠠᠬᠢᠷᠭᠠᠨ ᠤ ᠵᠠᠷᠭᠤ ᠶᠢᠨ ᠬᠡᠷᠡᠭ︔ ᠬᠠᠯᠠ ᠦᠵᠡᠭᠦᠯᠦᠭᠰᠡᠨ᠂ ᠤᠷᠬᠢᠵᠦ ᠭᠡᠭᠡᠭᠰᠡᠨ ᠳᠤ ᠬᠤᠯᠪᠤᠭᠳᠠᠬᠤ ᠬᠡᠷᠡᠭ ᠪᠠ ᠭᠡᠷ ᠪᠦᠯᠢ ᠶᠢᠨ ᠬᠦᠴᠦᠷᠭᠡᠭᠯᠡᠯ ᠤᠨ ᠬᠡᠷᠡᠭ︔ ᠬᠦᠮᠤᠨ ᠤ ᠪᠡᠶ᠎ᠡ ᠮᠠᠬᠠᠪᠤᠳ ᠢ ᠬᠤᠬᠢᠷᠠᠭᠤᠯᠤᠭᠰᠠᠨ ᠲᠦᠯᠤᠪᠤᠷᠢ ᠶᠢᠨ ᠬᠡᠷᠡᠭ︔ ᠨᠠᠰᠤᠨ ᠳᠤ ᠦᠯᠦ ᠬᠦᠷᠦᠭᠰᠡᠳ ᠤᠨ ᠵᠠᠯᠭᠠᠮᠵᠢᠯᠠᠯ ᠤᠨ ᠬᠡᠷᠡᠭ︔ ᠡᠷᠡᠭᠦᠤ ᠶᠢᠨ ᠬᠡᠷᠡᠭ︔ ᠵᠡᠮᠳᠡᠭᠴᠤᠳ᠂ ᠨᠠᠰᠤᠨ ᠳᠤ ᠦᠯᠦ ᠬᠦᠷᠦᠭᠰᠡᠳ ᠤᠨ ᠦᠪᠡᠷ ᠤᠨ ᠬᠠᠤᠯᠢ ᠶᠤᠰᠤᠨ ᠤ ᠡᠷᠬᠡ ᠠᠰᠢᠭ ᠢᠶᠠᠨ ᠬᠠᠮᠠᠭᠠᠯᠠᠬᠤ ᠬᠡᠷᠡᠭ︔ ᠤᠷᠴᠢᠨ ᠲᠤᠭᠤᠷᠢᠨ ᠤ ᠪᠤᠬᠢᠷᠳᠤᠯ᠂ ᠤᠯᠠᠨ ᠨᠡᠶᠢᠳᠡ ᠶᠢᠨ ᠡᠷᠡᠭᠦᠯ ᠬᠠᠮᠠᠭᠠᠯᠠᠯ᠂ ᠠᠶᠤᠯᠬᠦᠢ ᠦᠢᠯᠡᠳᠪᠤᠷᠢᠯᠡᠯ ᠠᠴᠠ ᠪᠤᠯᠤᠭᠰᠠᠨ ᠢᠷᠭᠡᠨ  ᠤ ᠡᠷᠬᠡ ᠠᠰᠢᠭ ᠤᠨ ᠬᠡᠷᠡᠭ︔ ᠬᠤᠳᠠᠯ ᠮᠠᠭᠤ ᠦᠷ᠎ᠡ᠂ ᠲᠠᠷᠢᠶᠠᠨ ᠡᠮ᠂ ᠬᠢᠮᠢ ᠶᠢᠨ ᠪᠤᠷᠳᠤᠭᠤᠷ ᠵᠡᠷᠭᠡ ᠦᠢᠯᠡᠳᠪᠤᠷᠢᠯᠡᠯ ᠤᠨ ᠬᠡᠷᠡᠭᠰᠡᠯ ᠠᠴᠠ ᠪᠤᠯᠤᠭᠰᠠᠨ ᠬᠤᠬᠢᠷᠠᠯ ᠢ ᠲᠦᠯᠦᠬᠦᠯᠬᠦ ᠪᠠᠷ ᠭᠤᠶᠤᠴᠢᠯᠠᠭᠰᠠᠨ ᠬᠡᠷᠡᠭ︔ ᠬᠦᠳᠡᠭᠡ ᠲᠤᠰᠬᠤᠨ ᠤ ᠭᠠᠵᠠᠷ ᠰᠢᠷᠤᠢ ᠪᠠ ᠮᠠᠯᠵᠢᠬᠤ ᠤᠷᠤᠨ ᠤ ᠬᠠᠳᠤᠯᠠᠩ ᠪᠡᠯᠴᠢᠭᠡᠷ ᠤᠨ ᠡᠷᠭᠡ ᠳᠤ ᠬᠠᠯᠳᠠᠭᠰᠠᠨ ᠬᠡᠷᠡᠭ︔ ᠬᠠᠤᠯᠢ ᠴᠠᠭᠠᠵᠠ ᠶᠢᠨ ᠲᠤᠰᠠᠯᠠᠮᠵᠢ ᠦᠵᠡᠬᠦᠯᠬᠦ ᠪᠤᠰᠤᠳ ᠬᠡᠷᠡᠭ ᠵᠡᠷᠭᠡ ᠪᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号