| | | | 1᠂ ᠶᠡᠷᠦᠩᠬᠡᠢ ᠲᠦᠷᠢᠮ | 1᠂ 1 ᠰᠠᠭᠤᠭᠠᠯᠢ ᠠᠷᠠᠳ ᠤᠨ ᠠᠮᠢᠳᠤᠷᠠᠯ ᠤᠨ ᠤᠮᠳᠠ ᠤᠰᠤᠨ ᠤ ᠴᠢᠨᠠᠷ ᠢ ᠠᠮᠤᠷ ᠲᠦᠪᠰᠢᠨ ᠠᠷᠢᠭᠤᠨ | ᠴᠡᠪᠡᠷ ᠪᠠᠶᠢᠯᠭᠠᠵᠦ᠂ ᠤᠯᠤᠰ ᠤᠨ ︽ᠠᠮᠢᠳᠤᠷᠠᠯ ᠤᠨ ᠤᠮᠳᠠ ᠤᠰᠤᠨ ᠤ ᠡᠷᠡᠭᠦᠯ ᠬᠠᠮᠠᠭᠠᠯᠠᠯ ᠤᠨ ᠪᠠᠷᠢᠮᠵᠢᠶ᠎ᠠ︾ ᠶᠢᠨ | ᠱᠠᠭᠠᠷᠳᠠᠯᠭ᠎ᠠ ᠳᠤ ᠢᠳᠡᠭ ᠢᠳᠡᠭ ᠢᠶᠠᠷ ᠬᠦᠷᠦᠬᠦᠯᠵᠦ᠂ ᠠᠷᠠᠳ ᠤᠯᠠᠨ ᠤ ᠪᠡᠶ᠎ᠡ ᠮᠠᠬᠠᠪᠤᠳ ᠤᠨ ᠡᠷᠡᠬᠦᠯ ᠮᠡᠨᠳᠤ ᠶᠢ | ᠪᠠᠳᠤᠯᠠᠵᠦ᠂ ᠬᠦᠳᠡᠭᠡ ᠲᠤᠰᠬᠤᠨ ᠤ ᠤᠰᠤ ᠦᠬᠡᠷᠡᠴᠢᠯᠡᠬᠦ ᠦᠢᠯᠡᠰ ᠤᠨ ᠬᠦᠭᠵᠢᠯᠳᠡ ᠶᠢ ᠠᠬᠢᠭᠤᠯᠬᠤ ᠶᠢᠨ | ᠲᠤᠰᠠᠳᠠ᠂ ᠤᠨᠴᠠᠭᠠᠶᠢᠯᠠᠨ ᠲᠤᠰ ᠲᠦᠷᠢᠮ ᠢ ᠲᠤᠭᠳᠠᠭᠠᠪᠠ᠃ | 1᠂ 2 ᠲᠤᠰ ᠲᠦᠷᠢᠮ ᠨᠢ ᠦᠷᠭᠡᠨ ᠤᠯᠠᠨ ᠬᠦᠳᠡᠭᠡ ᠲᠤᠰᠬᠤᠨ ᠤ ᠰᠠᠭᠤᠭᠠᠯᠢ ᠠᠷᠠᠳ ᠤᠨ ᠴᠢᠭ᠋ ᠲᠤ | ᠲᠦᠪᠯᠡᠷᠡᠩᠭᠦᠢ ᠪᠠᠷ ᠤᠰᠤ ᠬᠠᠩᠭᠠᠬᠤ ᠪᠠ ᠲᠠᠷᠬᠠᠢ ᠪᠤᠳᠠᠷᠬᠠᠢ ᠪᠠᠷ ᠤᠰᠤ ᠬᠠᠩᠭᠠᠬᠤ ᠳᠤ ᠬᠡᠷᠡᠭᠯᠡᠬᠦ ᠳᠤ ᠲᠤᠬᠢᠷᠠᠨ᠎ᠠ᠃ | | 1᠂ 3 ᠲᠦᠪᠯᠡᠷᠡᠩᠭᠦᠢ ᠪᠠᠷ ᠤᠰᠤ ᠬᠠᠩᠭᠠᠬᠤ ᠶᠢ ᠰᠢᠨ᠎ᠡ ᠪᠠᠷ ᠪᠠᠶᠢᠭᠤᠯᠬᠤ ᠪᠤᠶᠤ ᠦᠬᠡᠷᠡᠴᠢᠯᠡᠨ | ᠪᠠᠶᠢᠭᠤᠯᠬᠤ ᠳᠤ ᠤᠰᠤᠨ ᠰᠤᠷᠪᠤᠯᠵᠢ ᠰᠤᠩᠭᠤᠬᠤ᠂ ᠤᠰᠤᠨ ᠰᠤᠷᠪᠤᠯᠵᠢ ᠶᠢ ᠬᠠᠮᠠᠭᠠᠯᠠᠬᠤ ᠪᠠ ᠪᠠᠷᠢᠯᠭ᠎ᠠ ᠶᠢᠨ ᠵᠢᠷᠤᠭ | ᠲᠦᠯᠤᠪᠯᠡᠭᠡ ᠶᠢ ᠲᠤᠰ ᠲᠦᠷᠢᠮ ᠵᠢᠴᠢ ᠬᠠᠮᠢᠶ᠎ᠠ ᠪᠦᠬᠦᠢ ᠪᠠᠷᠢᠮᠵᠢᠶ᠎ᠠ᠂ ᠬᠠᠤᠯᠢ ᠵᠠᠷᠯᠢᠭ ᠲᠤ ᠨᠡᠶᠢᠴᠡᠬᠦᠯᠵᠦ᠂ | ᠤᠷᠢᠳᠡᠪᠡᠷ ᠬᠢᠨᠠᠮᠠᠭᠠᠢ ᠬᠢᠨᠠᠨ ᠪᠠᠶᠢᠴᠠᠭᠠᠨ ᠵᠢᠷᠤᠭᠯᠠᠵᠦ᠂ ᠪᠠᠷᠢᠯᠭ᠎ᠠ ᠲᠡᠭᠦᠰᠦᠭᠰᠡᠨ ᠤ ᠰᠡᠭᠦᠯᠡᠷ ᠨᠢ ᠵᠤᠬᠢᠶᠠᠨ | ᠪᠠᠶᠢᠭᠤᠯᠤᠨ ᠰᠢᠯᠭᠠᠨ ᠬᠤᠷᠢᠶᠠᠵᠦ᠂ ᠡᠷᠡᠬᠦᠯ ᠬᠠᠮᠠᠭᠠᠯᠠᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠢᠶᠠᠷ | ᠵᠦᠪᠰᠢᠶᠡᠷᠡᠬᠦᠯᠦᠭᠰᠡᠨ ᠤ ᠲᠠᠷᠠᠭ᠎ᠠ ᠠᠰᠢᠭᠯᠠᠯᠳᠠ ᠳᠤ ᠤᠷᠤᠭᠤᠯᠤᠨ ᠬᠡᠷᠡᠭᠯᠡᠵᠦ ᠪᠤᠯᠤᠨ᠎ᠠ᠃ ᠤᠰᠤ ᠬᠠᠩᠭᠠᠬᠤ | ᠨᠢᠭᠡᠴᠡ ᠨᠢ ᠤᠰᠤᠨ ᠤ ᠴᠢᠨᠠᠷ ᠢ ᠲᠤᠰ ᠲᠦᠷᠢᠮ ᠤᠨ ᠱᠠᠭᠠᠷᠳᠠᠯᠭ᠎ᠠ ᠳᠤ ᠨᠡᠶᠢᠴᠡᠬᠦᠯᠬᠦ ᠶᠢ ᠡᠷᠬᠡᠪᠰᠢ ᠪᠠᠳᠤᠯᠠᠬᠤ | ᠬᠡᠷᠡᠭᠲᠠᠢ᠃ | 1᠂ 4 ᠲᠠᠷᠬᠠᠢ ᠪᠤᠳᠠᠷᠬᠠᠢ ᠪᠠᠷ ᠤᠰᠤ ᠬᠠᠩᠭᠠᠬᠤ ᠳᠤ ᠤᠰᠤᠨ ᠰᠤᠷᠪᠤᠯᠵᠢ ᠶᠢ ᠰᠤᠩᠭᠤᠬᠤ᠂ ᠤᠰᠤᠨ ᠤ | ᠴᠢᠨᠠᠷ ᠢ ᠬᠢᠨᠠᠨ ᠲᠤᠭᠳᠠᠭᠠᠬᠤ᠂ ᠤᠰᠤᠨ ᠰᠤᠷᠪᠤᠯᠵᠢ ᠶᠢᠨ ᠡᠷᠡᠬᠦᠯ ᠬᠠᠮᠠᠭᠠᠯᠠᠯ ᠢ ᠰᠡᠷᠭᠡᠶᠢᠯᠡᠨ ᠬᠠᠮᠠᠭᠠᠯᠠᠬᠤ ᠪᠠ | ᠪᠠᠶᠢᠩᠭᠤ ᠶᠢᠨ ᠬᠠᠮᠢᠶᠠᠷᠤᠯᠳᠠ ᠶᠢᠨ ᠠᠵᠢᠯ ᠢ ᠤᠰᠤ ᠬᠠᠩᠭᠠᠵᠦ ᠪᠠᠶᠢᠭ᠎ᠠ ᠭᠠᠵᠠᠷ ᠤᠨ ᠰᠢᠶᠠᠩ᠂ ᠪᠠᠯᠭᠠᠰᠤ ᠶᠢᠨ | ᠵᠠᠰᠠᠭ ᠤᠨ ᠤᠷᠳᠤᠨ ᠨᠢ ᠲᠤᠬᠠᠢ ᠶᠢᠨ ᠭᠠᠵᠠᠷ ᠤᠨ ᠬᠠᠮᠢᠶ᠎ᠠ ᠪᠦᠬᠦᠢ ᠨᠢᠭᠡᠴᠡ ᠳᠤ ᠨᠠᠶᠢᠳᠠᠨ ᠬᠠᠮᠢᠶᠠᠷᠠᠭᠤᠯᠬᠤ | ᠬᠡᠷᠡᠭᠲᠠᠢ᠃ | 2᠂ ᠤᠰᠤᠨ ᠤ ᠴᠢᠨᠠᠷ ᠢ ᠲᠡᠰ ᠬᠤᠪᠢᠶᠠᠨ ᠦᠨᠡᠯᠡᠬᠦ ᠲᠦᠷᠢᠮ ᠪᠤᠯᠤᠨ ᠡᠷᠡᠭᠦᠯ ᠬᠠᠮᠠᠭᠠᠯᠠᠯ ᠤᠨ ᠱᠠᠭᠠᠷᠳᠠᠯᠭ᠎ᠠ | 2᠂ 1 ᠬᠦᠳᠡᠭᠡ ᠲᠤᠰᠬᠤᠨ ᠤ ᠠᠮᠢᠳᠤᠷᠠᠯ ᠤᠨ ᠤᠮᠳᠠ ᠤᠰᠤᠨ ᠤ ᠴᠢᠨᠠᠷ ᠢ ᠳᠤᠤᠷᠠᠬᠢ ᠬᠦᠰᠦᠨᠦᠭᠳᠤ ᠳᠤ | ᠲᠤᠭᠳᠠᠭᠠᠭᠰᠠᠨ ᠬᠢᠵᠠᠭᠠᠷᠳᠤ ᠬᠡᠮᠵᠢᠭᠳᠡᠯ ︵ᠬᠦᠰᠦᠨᠦᠭᠳᠤ ᠳᠤ ᠯᠠᠪᠯᠠ︶ ᠠᠴᠠ ᠳᠠᠪᠠᠭᠤᠯᠵᠦ ᠪᠤᠯᠬᠤ ᠦᠬᠡᠢ᠃ | 2᠂ 2 ᠲᠦᠪᠯᠡᠷᠡᠩᠬᠦᠢ ᠪᠠᠷ ᠤᠰᠤ ᠬᠠᠩᠭᠠᠬᠤ ᠳᠤ ᠤᠰᠤ ᠴᠡᠪᠡᠷᠰᠢᠬᠦᠯᠬᠦ ᠴᠢᠬᠤᠯᠠ ᠪᠦᠬᠦᠢ ᠪᠡᠯᠡᠳᠬᠡᠮᠵᠢ ᠶᠢ | ᠪᠦᠷᠢᠳᠤᠭᠦᠯᠬᠦ ᠶᠢ ᠦᠨᠳᠤᠰᠤᠯᠡᠬᠦ ᠠᠴᠠ ᠭᠠᠳᠠᠨ᠎ᠠ ᠪᠠᠰᠠ ᠡᠷᠬᠡᠪᠰᠢ ᠠᠷᠢᠭᠤᠳᠬᠠᠯ ᠬᠢᠵᠦ᠂ ᠬᠡᠪ ᠤᠨ ᠠᠵᠢᠯᠯᠠᠭ᠎ᠠ ᠶᠢ | ᠪᠠᠳᠤᠯᠠᠵᠦ᠂ ᠬᠠᠮᠢᠶᠠᠷᠤᠯᠳᠠ ᠶᠢᠨ ᠲᠦᠷᠢᠮ ᠪᠠ ᠠᠵᠢᠯᠯᠠᠬᠤ ᠵᠢᠷᠤᠮᠵᠢᠯ ᠢ ᠪᠠᠶᠢᠭᠤᠯᠤᠨ ᠲᠡᠭᠦᠯᠳᠡᠷᠵᠢᠬᠦᠯᠵᠦ᠂ | ᠬᠠᠩᠭᠠᠯᠭ᠎ᠠ ᠶᠢᠨ ᠤᠰᠤᠨ ᠤ ᠴᠢᠨᠠᠷ ᠢ ᠪᠠᠳᠤᠯᠠᠬᠤ ᠬᠡᠷᠡᠭᠲᠠᠢ᠃ | 2᠂ 3 ᠬᠦᠳᠡᠭᠡ ᠲᠤᠰᠬᠤᠨ ᠤ ᠬᠠᠩᠭᠠᠬᠤ ᠤᠰᠤᠨ ᠤ ᠴᠢᠨᠠᠷ ᠢ ᠬᠤᠶᠠᠳᠤᠭᠠᠷ ᠲᠡᠰ ᠠᠴᠠ ᠳᠡᠭᠡᠭᠰᠢ ᠳᠤ | ᠬᠦᠷᠦᠬᠦᠯᠬᠦ ᠬᠡᠷᠡᠭᠲᠠᠢ᠂ ᠭᠡᠪᠡᠴᠤ ᠤᠨᠴᠠᠭᠠᠢ ᠪᠠᠶᠢᠳᠠᠯ ᠳᠤᠤᠷ᠎ᠠ᠂ ᠵᠢᠱᠢᠶᠡᠯᠡᠪᠡᠯ ᠤᠰᠤᠨ ᠤ ᠰᠤᠷᠪᠤᠯᠵᠢ ᠰᠤᠩᠭᠤᠬᠤ | ᠪᠠ ᠰᠢᠢᠳᠪᠤᠷᠢᠯᠡᠬᠦ ᠨᠦᠬᠦᠴᠡᠯ ᠨᠢ ᠬᠢᠵᠠᠭᠠᠷᠯᠠᠭᠳᠠᠵᠦ ᠪᠠᠶᠢᠭ᠎ᠠ ᠭᠠᠵᠠᠷ ᠤᠷᠤᠨ ᠳᠤ ᠪᠤᠯ ᠭᠤᠷᠪᠠᠳᠤᠭᠠᠷ ᠲᠡᠰ ᠤᠨ | ᠤᠰᠤᠨ ᠤ ᠴᠢᠨᠠᠷ ᠢᠶᠠᠷ ᠰᠢᠢᠳᠪᠤᠷᠢᠯᠠᠵᠦ ᠪᠤᠯᠤᠨ᠎ᠠ᠃ | 2᠂ 4 ᠬᠤᠶᠠᠳᠤᠭᠠᠷ ᠲᠡᠰ᠂ ᠭᠤᠷᠪᠠᠳᠤᠭᠠᠷ ᠲᠡᠰ ᠤᠨ ᠤᠰᠤᠨ ᠤ ᠴᠢᠨᠠᠷ ᠤᠨ ᠱᠠᠭᠠᠷᠳᠠᠯᠭ᠎ᠠ ᠨᠢ ᠬᠡᠪᠡᠯ | ᠭᠤᠤᠯ ᠨᠢ ᠵᠠᠷᠢᠮ ᠭᠠᠵᠠᠷ ᠤᠷᠤᠨ ᠠᠵᠦ ᠠᠬᠤᠢ᠂ ᠭᠠᠵᠠᠷ ᠵᠦᠢ ᠵᠡᠷᠭᠡ ᠰᠢᠯᠳᠠᠭᠠᠨ ᠠᠴᠠ ᠪᠤᠯᠤᠭᠠᠳ ᠤᠰᠤᠨ ᠤ | ᠰᠤᠷᠪᠤᠯᠵᠢ ᠶᠢ ᠰᠤᠩᠭᠤᠬᠤ ᠪᠠ ᠰᠢᠢᠳᠪᠤᠷᠢᠯᠡᠬᠦ ᠨᠦᠬᠦᠴᠡᠯ ᠬᠢᠵᠠᠭᠠᠷᠯᠠᠭᠳᠠᠵᠦ ᠪᠠᠶᠢᠭ᠎ᠠ ᠪᠠᠶᠢᠳᠠᠯ ᠢ ᠪᠤᠳᠤᠯᠬᠢᠯᠠᠵᠦ᠂ | ᠵᠠᠷᠢᠮ ᠬᠦᠢᠴᠡᠳᠭᠡᠬᠦ ᠲᠤᠭ᠎ᠠ ᠶᠢᠨ ᠱᠠᠭᠠᠷᠳᠠᠯᠭ᠎ᠠ ᠶᠢ ᠵᠤᠬᠢᠰᠲᠠᠢ ᠠᠭᠤᠵᠢᠭᠤ ᠲᠠᠯᠪᠢᠭᠰᠠᠨ ᠶᠤᠮ᠃ ᠬᠡᠬᠦ ᠳᠡᠭᠡᠨ᠂ | ᠬᠤᠶᠠᠳᠤᠭᠠᠷ᠂ ᠭᠤᠷᠪᠠᠳᠤᠭᠠᠷ ᠲᠡᠰ ᠤᠨ ᠤᠰᠤᠨ ᠤ ᠱᠠᠭᠠᠷᠳᠠᠯᠭ᠎ᠠ ᠪᠠᠷ ᠰᠢᠯᠳᠠᠭ ᠪᠤᠯᠭᠠᠵᠦ᠂ ︽ᠭᠤᠷᠪᠠᠨ | ᠬᠠᠶᠠᠭᠳᠠᠮᠠᠯ︾ ᠢ ᠭᠠᠳᠠᠭᠰᠢᠯᠠᠭᠤᠯᠬᠤ ᠱᠠᠭᠠᠷᠳᠠᠯᠭ᠎ᠠ ᠶᠢ ᠰᠤᠯᠠᠷᠠᠭᠤᠯᠵᠦ᠂ ᠤᠰᠤᠨ ᠰᠤᠷᠪᠤᠯᠵᠢ ᠶᠢ ᠪᠤᠬᠢᠷᠳᠤᠭᠤᠯᠬᠤ᠂ | ᠤᠰᠤᠨ ᠴᠢᠨᠠᠷ ᠢ ᠮᠠᠭᠤᠳᠠᠭᠤᠯᠬᠤ ᠠᠵᠢᠯᠯᠠᠭ᠎ᠠ ᠶᠢ ᠬᠠᠤᠯᠢ ᠶᠤᠰᠤᠨ ᠤ ᠪᠤᠯᠭᠠᠵᠦ ᠤᠭᠳᠤ ᠪᠤᠯᠬᠤ ᠦᠬᠡᠢ᠃ | 3᠂ ᠤᠰᠤᠨ ᠤ ᠰᠤᠷᠪᠤᠯᠵᠢ ᠰᠤᠩᠭᠤᠬᠤ᠂ ᠤᠰᠤᠨ ᠤ ᠰᠤᠷᠪᠤᠯᠵᠢ ᠶᠢᠨ ᠡᠷᠡᠭᠦᠯ ᠬᠠᠮᠠᠭᠠᠯᠠᠯ ᠢ ᠰᠡᠷᠬᠡᠶᠢᠯᠡᠨ | ᠬᠠᠮᠠᠭᠠᠯᠠᠬᠤ ᠵᠢᠴᠢ ᠲᠤᠰ ᠲᠦᠷᠢᠮ ᠳᠤ ᠲᠤᠳᠤᠷᠬᠠᠢ ᠲᠤᠭᠳᠠᠭᠠᠭᠰᠠᠨ ᠦᠬᠡᠢ ᠪᠤᠰᠤᠳ ᠡᠷᠡᠭᠦᠯ ᠬᠠᠮᠠᠭᠠᠯᠠᠯ ᠤᠨ | ᠱᠠᠭᠠᠷᠳᠠᠯᠭ᠎ᠠ ᠶᠢ ᠪᠤᠯ ᠤᠳᠤ ᠶᠢᠨ ᠭᠡᠷᠡᠭᠵᠢᠬᠦᠯᠵᠦ ᠪᠠᠶᠢᠭ᠎ᠠ ︽ᠠᠮᠢᠳᠤᠷᠠᠯ ᠤᠨ ᠤᠮᠳᠠ ᠤᠰᠤᠨ ᠤ ᠡᠷᠡᠭᠦᠯ | ᠬᠠᠮᠠᠭᠠᠯᠠᠯ ᠤᠨ ᠪᠠᠷᠢᠮᠵᠢᠶ᠎ᠠ︾ ︵GB5749--85︶ ᠪᠤᠯᠤᠨ ︽ᠬᠦᠳᠡᠭᠡ ᠲᠤᠰᠬᠤᠨ ᠤ ᠠᠮᠢᠳᠤᠷᠠᠯ ᠤᠨ ᠤᠮᠳᠠ | ᠤᠰᠤᠨ ᠤ ᠡᠷᠡᠭᠦᠯ ᠬᠠᠮᠠᠭᠠᠯᠠᠯ ᠤᠨ ᠱᠠᠭᠠᠷᠳᠠᠯᠭ᠎ᠠ︾ ︵GB11730--89︶ ᠶᠢᠨ ᠬᠠᠮᠢᠶ᠎ᠠ ᠪᠦᠬᠦᠢ | ᠲᠤᠭᠳᠠᠭᠠᠯ ᠢᠶᠠᠷ ᠯᠠᠪᠯᠠᠯᠳᠠ ᠪᠤᠯᠭᠠᠨ ᠬᠡᠷᠡᠭᠵᠢᠬᠦᠯᠤᠨ᠎ᠠ᠃ | 4᠂ ᠤᠰᠤᠨ ᠤ ᠴᠢᠨᠠᠷ ᠢ ᠪᠠᠶᠢᠴᠠᠭᠠᠬᠠᠤ᠄ ︽ᠠᠮᠢᠳᠤᠷᠠᠯ ᠤᠨ ᠤᠮᠳᠠ ᠤᠰᠤᠨ ᠤ ᠡᠷᠡᠭᠦᠯ ᠬᠠᠮᠠᠭᠠᠯᠠᠯ ᠤᠨ | ᠪᠠᠷᠢᠮᠵᠢᠶ᠎ᠠ︾ ᠪᠤᠯᠤᠨ ︽ᠠᠮᠢᠳᠤᠷᠠᠯ ᠤᠨ ᠤᠮᠳᠠ ᠤᠰᠤᠨ ᠤ ᠪᠠᠷᠢᠮᠵᠢᠶ᠎ᠠ ᠶᠢ ᠰᠢᠯᠭᠠᠨ ᠪᠠᠶᠢᠴᠠᠭᠠᠬᠤ ᠠᠷᠭ᠎ᠠ︾ ︵ | GB5750-85︶ ᠲᠠᠬᠢ ᠬᠠᠮᠢᠶ᠎ᠠ ᠪᠦᠬᠦᠢ ᠲᠤᠭᠳᠠᠭᠠᠯ ᠢᠶᠠᠷ ᠯᠠᠪᠯᠠᠯᠳᠠ ᠪᠤᠯᠭᠠᠨ ᠬᠡᠷᠡᠭᠵᠢᠬᠦᠯᠤᠨ᠎ᠠ᠃ | ᠠᠮᠢᠳᠤᠷᠠᠯ ᠤᠨ ᠤᠮᠳᠠ ᠤᠰᠤᠨ ᠤ ᠴᠢᠨᠠᠷ ᠤᠨ ᠲᠡᠰ ᠬᠤᠪᠢᠶᠠᠬᠤ ᠱᠠᠭᠠᠷᠳᠠᠯᠭ᠎ᠠ | ᠲᠦᠷᠦᠯ ᠵᠦᠢᠯ ᠨᠢᠭᠡᠳᠤᠭᠡᠷ ᠲᠡᠰ ᠬᠤᠶᠠᠳᠤᠭᠠᠷ ᠲᠡᠰ ᠭᠤᠷᠪᠠᠳᠤᠭᠠᠷ ᠲᠡᠰ | ᠰᠡᠷᠡᠯ ᠤᠨ ᠪᠡᠯᠭᠡ ᠲᠡᠮᠳᠡᠭ ᠪᠠ ᠡᠩ ᠤᠨ ᠬᠢᠮᠢ ᠶᠢᠨ ᠬᠦᠢᠴᠡᠳᠭᠡᠯ ᠲᠤᠭ᠎ᠠ᠄ ᠦᠩᠭᠡ ︵ᠬᠡᠮᠵᠢᠶ᠎ᠡ︶ 15᠂ | ᠪᠤᠰᠤᠳ ᠤᠨᠳᠤᠤ ᠦᠩᠬᠡ ᠢᠯᠡᠷᠡᠬᠦ ᠦᠬᠡᠢ 20 30 ᠪᠤᠯᠠᠩᠬᠢᠷ ᠤᠨ ᠬᠡᠮᠵᠢᠶ᠎ᠡ 3᠂ ᠤᠨᠴᠠᠭᠠᠢ ᠪᠠᠶᠢᠳᠠᠯ ᠤᠨ | ᠳᠤᠤᠷ᠎ᠠ 51020 ᠬᠡᠳᠤᠷᠡᠭᠦ ᠦᠬᠡᠢ ᠨᠢᠳᠤᠨ ᠳᠤ ᠦᠵᠡᠭᠳᠡᠭᠦ ᠡᠳ᠋ ᠪᠠᠶᠢᠵᠦ ᠪᠤᠯᠬᠤ ᠦᠬᠡᠢ ᠪᠠᠶᠢᠵᠦ ᠪᠤᠯᠬᠤ ᠦᠬᠡᠢ | ᠪᠠᠶᠢᠵᠦ ᠪᠤᠯᠬᠤ ᠦᠬᠡᠢ PH 6᠂ 5~8᠂ 5 6~9 6~9 ᠶᠡᠷᠦᠩᠬᠡᠢ ᠬᠠᠳᠠᠭᠤᠴᠠ ︵MI/L ᠨᠡᠭᠦᠷᠡᠰᠤ | ᠬᠦᠴᠢᠯ ᠤᠨ ᠺᠠᠯᠼ ᠪᠠᠷ ᠪᠤᠳᠤᠨ᠎ᠠ︶ 450 550 700 ᠲᠡᠮᠤᠷ ︵MI/L︶ 0᠂ 3 0᠂ 5 1᠂ 0 | ᠮᠠᠩᠭᠠᠨ ︵MI/L︶ 0᠂ 1 0᠂ 3 0᠂ 5 ᠾᠯᠤᠷᠳᠤ ᠨᠢᠭᠡᠳᠪᠤᠷᠢ ︵MI/L︶ 250 300 450 | ᠬᠦᠬᠦᠷ ᠬᠦᠴᠢᠯ ᠤᠨ ᠳᠠᠪᠤᠰᠤ ︵MI/L︶ 250 300 400 ᠠᠭᠤᠰᠤᠮᠠᠭᠠᠢ ᠶᠡᠷᠦᠩᠬᠡᠢ ᠬᠠᠳᠠᠭᠤ ᠪᠡᠶᠡᠳᠤ ︵ | MI/L︶ 1000 1500 2000 ᠬᠤᠤᠷ ᠵᠦᠢ ᠶᠢᠨ ᠤᠬᠠᠭᠠᠨ ᠤ ᠬᠦᠢᠴᠡᠳᠭᠡᠯ ᠲᠤᠭ᠎ᠠ᠄ ᠹᠯᠤᠷᠳᠤ | ᠨᠢᠭᠡᠳᠪᠤᠷᠢ ︵MI/L︶ 1᠂ 0 1᠂ 2 1᠂ 5 ᠠᠷᠰᠧᠨ ︵MI/L︶ 0᠂ 05 0᠂ 05 0᠂ 05 | ᠮᠦᠩᠭᠦᠨ ᠤᠰᠤ ︵MI/L︶ 0᠂ 001 0᠂ 001 0᠂ 001 ᠺᠠᠳ᠋ᠮᠢ ︵MI/L︶ 0᠂ 01 0᠂ 01 | 0᠂ 01 ᠾᠷᠤᠮ ︵MI/L︶ 0᠂ 05 0᠂ 05 0᠂ 05 ᠬᠠᠷ᠎ᠠ ᠲᠤᠭᠤᠯᠭ᠎ᠠ ︵MI/L︶ 0᠂ 05 0᠂ | 05 0᠂ 05 ᠠᠽᠤᠲ ᠬᠦᠴᠢᠯ ᠤᠨ ᠲᠠᠪᠤᠰᠤ ︵MI/L ᠠᠽᠤᠲ ᠪᠠᠷ ᠪᠤᠳᠤᠨ᠎ᠠ︶ 20 20 20 | ᠪᠠᠺᠲ᠋ᠧᠷᠢ ᠶᠢᠨ ᠰᠤᠳᠤᠯᠤᠯ ᠤᠨ ᠬᠦᠢᠴᠡᠳᠭᠡᠬᠦ ᠲᠤᠭ᠎ᠠ᠄ ᠪᠠᠺᠲ᠋ᠧᠷᠢ ᠶᠢᠨ ᠶᠡᠷᠦᠩᠬᠡᠢ ᠲᠤᠭ᠎ᠠ ︵ᠬᠤᠪᠢ /MI︶ | 100 200 500 ᠶᠡᠷᠦᠩᠬᠡᠢ ᠪᠦᠳᠤᠭᠦᠨ ᠬᠡᠳᠡᠰᠤᠨ ᠤ ᠪᠠᠺᠲ᠋ᠧᠷᠢ ᠶᠢᠨ ᠪᠦᠯᠦᠭ ︵ᠬᠤᠪᠢ /L︶ 3 11 27 | ︵ᠵᠤᠯᠭᠠᠯᠳᠤᠭᠰᠠᠨ ᠤ 30 ᠮᠢᠨᠦ᠋ᠲ ᠤᠨ ᠳᠠᠷᠠᠭ᠎ᠠ︶ ᠴᠢᠯᠤᠭᠡᠳᠤ ᠦᠯᠡᠳᠡᠪᠤᠷᠢ ᠾᠯᠤᠷ ︵MI/L︶ 0᠂ 3 0᠂ | 3 ᠠᠴᠠ ᠳᠤᠳᠠᠭᠤ ᠦᠬᠡᠢ 0᠂ 3 ᠠᠴᠠ ᠳᠤᠳᠠᠭᠤ ᠦᠬᠡᠢ ᠦᠵᠤᠬᠦᠷ ᠤᠰᠤ 0᠂ 05 ᠠᠴᠠ ᠳᠤᠳᠠᠭᠤ ᠦᠬᠡᠢ 0 | ᠂ 05 ᠠᠴᠠ ᠳᠤᠳᠠᠭᠤ ᠦᠬᠡᠢ 0᠂ 05 ᠠᠴᠠ ᠳᠤᠲᠠᠭᠤ ᠦᠬᠡᠢ | ① ᠨᠢᠭᠡᠳᠤᠭᠡᠷ ᠲᠡᠰ᠄ ᠬᠦᠰᠡᠬᠦ ᠬᠡᠮᠵᠢᠭᠳᠡᠯ︔ ᠬᠤᠶᠠᠳᠤᠭᠠᠷ ᠲᠡᠰ᠄ ᠵᠦᠪᠰᠢᠶᠡᠷᠡᠬᠦ ᠬᠡᠮᠵᠢᠭᠳᠡᠯ︔ | ᠭᠤᠷᠪᠠᠳᠤᠭᠠᠷ ᠲᠡᠰ᠄ ᠰᠤᠩᠭᠤᠵᠦ ᠪᠤᠯᠬᠤ ᠪᠤᠰᠤᠳ ᠤᠰᠤᠨ ᠤ ᠰᠤᠷᠪᠤᠯᠵᠢ ᠲᠤᠳᠠᠭᠳᠠᠭᠰᠠᠨ ᠦᠶᠡᠰ ᠴᠢᠯᠤᠭᠡᠲᠠᠢ | ᠲᠠᠯᠪᠢᠬᠤ ᠬᠢᠵᠠᠭᠠᠷᠳᠤ ᠬᠡᠮᠵᠢᠭᠳᠡᠯ᠃ | | |