| | ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠵᠠᠷᠯᠢᠭ | | 205 ᠳ᠋ᠤᠭᠠᠷ ᠲᠤᠭᠠᠳᠤ | ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ | ᠡᠳ᠋ ᠬᠦᠷᠦᠩᠭᠡ ᠶᠢ ᠰᠢᠯᠵᠢᠬᠦᠯᠦᠨ ᠦᠭᠬᠦ ᠬᠠᠮᠢᠶᠠᠷᠤᠯᠳᠠ ᠶᠢᠨ ᠠᠷᠭ᠎ᠠ︾ ᠶᠢ 2014 ᠤᠨ ᠤ 11 ᠳ᠋ᠤᠭᠡᠷ | ᠰᠠᠷ᠎ᠠ ᠶᠢᠨ 7 ᠤ ᠡᠳᠦᠷ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠭᠤᠴᠢᠨ | ᠲᠦᠷᠪᠡᠳᠦᠭᠡᠷ ᠤᠳᠠᠭ᠎ᠠ ᠶᠢᠨ ᠪᠠᠶᠢᠩᠭᠤ ᠶᠢᠨ ᠬᠤᠷᠠᠯ ᠢᠶᠠᠷ ᠬᠢᠨᠠᠨ ᠵᠥᠪᠯᠡᠵᠦ ᠪᠠᠲᠤᠯᠠᠭᠠᠳ᠂ ᠡᠳᠦᠭᠡ ᠨᠡᠶᠢᠳᠡᠯᠡᠪᠡ᠂ | 2015 ᠤᠨ ᠤ 1 ᠳ᠋ᠤᠭᠡᠷ ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ | ᠥᠪᠡᠷᠲᠡᠭᠡᠨ ᠵᠠᠰᠠᠬᠤ ᠤᠷᠤᠨ ᠤ ᠲᠡᠷᠢᠭᠦᠯᠡᠭᠴᠢ ᠪᠠᠭᠠᠲᠤᠷ | 2014 ᠣᠨ ᠤ 11 ᠳ᠋ᠤᠭᠡᠷ ᠰᠠᠷ᠎ᠠ ᠶᠢᠨ 21 ᠤ ᠡᠳᠦᠷ | ᠨᠢᠭᠡᠳᠦᠭᠡᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠠᠵᠢᠯᠯᠠᠭ᠎ᠠ ᠪᠠᠨ ᠵᠢᠷᠤᠮᠵᠢᠭᠤᠯᠤᠨ᠂ ᠠᠵᠤ ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ ᠬᠥᠷᠥᠩᠭᠡ ᠶᠢ | ᠵᠣᠬᠢᠰᠲᠠᠢ ᠡᠷᠭᠢᠯᠳᠦᠭᠦᠯᠬᠦ ᠪᠠ ᠰᠢᠯᠢᠳᠡᠭᠵᠢᠬᠦᠯᠦᠨ ᠲᠤᠬᠢᠷᠠᠭᠤᠯᠬᠤ ᠶᠢᠨ ᠲᠤᠰᠠᠳᠠ᠂ ︽ᠪᠦᠬᠦᠳᠡ ᠨᠠᠶᠢᠷᠠᠮᠳᠠᠬᠤ | ᠲᠤᠮᠳᠠᠳᠤ ᠠᠷᠠᠳ ᠤᠯᠤᠰ ᠤᠨ ᠠᠵᠤ ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ ᠬᠦᠷᠦᠩᠭᠡ ᠶᠢᠨ ᠬᠠᠤᠯᠢ︾ | ᠪᠠ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠠ᠂ ᠬᠠᠤᠯᠢ ᠲᠤᠭᠳᠠᠭᠠᠯ ᠢ ᠦᠨᠳᠦᠰᠦᠯᠡᠨ᠂ ᠦᠪᠡᠷᠳᠡᠭᠡᠨ ᠵᠠᠰᠠᠬᠤ | ᠤᠷᠤᠨ ᠤ ᠪᠣᠳᠠᠲᠠᠢ ᠲᠠᠢ ᠤᠶᠠᠯᠳᠤᠭᠤᠯᠵᠤ᠂ ᠲᠤᠰ ᠠᠷᠭ᠎ᠠ ᠶᠢ ᠲᠤᠭᠳᠠᠭᠠᠪᠠ᠃ | ᠬᠤᠶᠠᠳᠤᠭᠠᠷ ᠵᠦᠢᠯ ᠲᠤᠰ ᠠᠷᠭ᠎ᠠ ᠳᠤ ᠬᠡᠯᠡᠵᠦ ᠪᠠᠶᠢᠭ᠎ᠠ ᠠᠵᠤ ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ | ᠬᠦᠷᠦᠩᠭᠡ ᠶᠢ ᠰᠢᠯᠵᠢᠬᠦᠯᠦᠨ ᠦᠭᠬᠦ ᠭᠡᠳᠡᠭ ᠨᠢ᠂ ᠤᠯᠤᠰ ᠤᠨ ᠲᠤᠭᠳᠠᠭᠠᠯ ᠶᠣᠰᠣᠭᠠᠷ ᠦᠨ᠎ᠡ ᠲᠦᠯᠦᠪᠦᠷᠢ | ᠦᠭᠡᠢ ᠪᠠᠷ ᠤᠯᠤᠰ ᠤᠨ ᠦᠮᠴᠢᠯᠠᠯᠳᠤ ᠡᠳ᠋ ᠬᠦᠷᠦᠩᠭᠡ ᠶᠢ ᠬᠤᠪᠢᠶᠠᠷᠢᠯᠠᠨ ᠰᠢᠯᠵᠢᠬᠦᠯᠬᠦ ᠠᠴᠠ ᠪᠤᠰᠤᠳ᠂ | ᠤᠯᠤᠰ ᠠᠴᠠ ᠠᠵᠤ ᠠᠬᠤᠶᠢᠯᠠᠯ ᠤᠨ ᠵᠣᠭᠤᠰ ᠭᠠᠷᠭᠠᠬᠤ ᠠᠴᠠ ᠪᠣᠯᠣᠭᠰᠠᠨ ᠡᠷᠭᠡ ᠠᠰᠢᠭ ᠢ ᠬᠠᠤᠯᠢ ᠶᠣᠰᠣᠭᠠᠷ | ᠪᠤᠰᠤᠳ ᠨᠢᠭᠡᠴᠡ ᠪᠤᠶᠤ ᠬᠤᠪᠢ ᠬᠦᠮᠦᠨ ᠳᠤ ᠰᠢᠯᠵᠢᠬᠦᠯᠦᠨ ᠦᠭᠬᠦ ᠦᠢᠯᠡ ᠠᠵᠢᠯᠯᠠᠭ᠎ᠠ ᠶᠢ ᠵᠢᠭᠠᠵᠤ ᠪᠤᠢ᠃ | ᠲᠤᠰ ᠠᠷᠭ᠎ᠠ ᠳᠤ ᠬᠡᠯᠡᠵᠦ ᠪᠠᠶᠢᠭ᠎ᠠ ᠤᠯᠤᠰ ᠠᠴᠠ ᠵᠣᠭᠤᠰ ᠭᠠᠷᠭᠠᠬᠤ ᠠᠵᠤ ᠠᠬᠤᠶᠢᠯᠠᠯ ᠭᠡᠳᠡᠭ ᠨᠢ᠂ | ᠤᠯᠤᠰ ᠠᠴᠠ ᠵᠣᠭᠤᠰ ᠭᠠᠷᠭᠠᠭᠰᠠᠨ ᠤᠯᠤᠰ ᠤᠨ ᠦᠮᠴᠢᠯᠠᠯᠳᠤ ᠲᠤᠰᠠᠭᠠᠷ ᠪᠡᠯᠡ ᠣᠷᠣᠭᠤᠯᠤᠯᠲᠠ ᠶᠢᠨ ᠠᠵᠤ | ᠠᠬᠤᠶᠢᠯᠠᠯ᠂ ᠤᠯᠤᠰ ᠤᠨ ᠦᠮᠴᠢᠯᠠᠯᠳᠤ ᠲᠤᠰᠠᠭᠠᠷ ᠪᠡᠯᠡ ᠣᠷᠣᠭᠤᠯᠤᠯᠲᠠ ᠶᠢᠨ ᠺᠤᠮᠫᠠᠨᠢ ᠵᠢᠴᠢ ᠤᠯᠤᠰ ᠤᠨ | ᠦᠮᠴᠢᠯᠠᠯᠳᠤ ᠬᠦᠷᠦᠩᠭᠡ ᠶᠢᠨ ᠬᠤᠪᠢ ᠤᠷᠤᠭᠤᠯᠤᠯᠳᠠ ᠶᠢ ᠡᠷᠬᠡᠰᠢᠶᠡᠬᠦ ᠺᠤᠮᠫᠠᠨᠢ᠂ ᠤᠯᠤᠰ ᠤᠨ ᠦᠮᠴᠢᠯᠠᠯᠳᠤ | ᠬᠦᠷᠦᠩᠭᠡ ᠶᠢᠨ ᠬᠤᠪᠢ ᠤᠷᠤᠭᠤᠯᠬᠤ ᠺᠤᠮᠫᠠᠨᠢ ᠶᠢ ᠵᠢᠭᠠᠵᠤ ᠪᠤᠢ᠃ | ᠭᠤᠷᠪᠠᠳᠤᠭᠠᠷ ᠵᠦᠢᠯ ᠦᠪᠡᠷᠳᠡᠭᠡᠨ ᠵᠠᠰᠠᠬᠤ ᠤᠷᠤᠨ ᠤ ᠵᠠᠰᠠᠭ ᠵᠠᠬᠢᠷᠭᠠᠨ ᠤ ᠣᠷᠣᠨ ᠤ ᠳᠣᠲᠣᠷᠠᠬᠢ ᠠᠵᠤ | ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠠᠵᠢᠯᠯᠠᠭ᠎ᠠ ᠳᠤ ᠲᠤᠰ ᠠᠷᠭ᠎ᠠ | ᠬᠡᠷᠡᠭᠯᠡᠭᠳᠡᠨ᠎ᠡ᠃ | ᠮᠦᠩᠬᠦᠨ ᠬᠦᠢᠯᠭᠡᠭᠡᠨ ᠤ ᠲᠦᠷᠦᠯ ᠪᠦᠬᠦᠢ ᠠᠵᠤ ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ | ᠬᠦᠷᠦᠩᠭᠡ ᠶᠢ ᠰᠢᠯᠵᠢᠬᠦᠯᠦᠨ ᠦᠭᠬᠦ ᠪᠠ ᠵᠠᠬ᠎ᠠ ᠲᠡᠯᠭᠡᠬᠦᠷ ᠲᠤ ᠭᠠᠷᠤᠭᠰᠠᠨ ᠺᠤᠮᠫᠠᠨᠢ ᠶᠢᠨ ᠤᠯᠤᠰ ᠤᠨ ᠦᠮᠴᠢᠯᠠᠯᠳᠤ | ᠰᠲ᠋ᠤᠺ ᠤᠨ ᠡᠷᠭᠡ ᠶᠢ ᠰᠢᠯᠵᠢᠬᠦᠯᠦᠨ ᠦᠭᠬᠦ ᠳᠤ᠂ ᠤᠯᠤᠰ ᠤᠨ ᠬᠤᠯᠪᠤᠭᠳᠠᠯ ᠪᠦᠬᠦᠢ ᠲᠤᠭᠳᠠᠭᠠᠯ ᠶᠣᠰᠣᠭᠠᠷ | ᠬᠡᠷᠡᠭᠵᠢᠬᠦᠯᠦᠨ᠎ᠡ᠃ | ᠲᠦᠷᠪᠡᠳᠦᠭᠡᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠠᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠳᠤ ᠲᠡᠩᠴᠡᠭᠦᠦ ᠥᠷᠲᠡᠭ ᠤᠨ ᠲᠦᠯᠦᠪᠦᠷᠢ ᠲᠠᠢ᠂ ᠢᠯᠡ᠂ ᠲᠦᠪ ᠭᠤᠤᠯᠴᠢ ᠪᠠᠶᠢᠬᠤ ᠵᠠᠷᠴᠢᠮ ᠢ ᠵᠢᠷᠤᠮᠯᠠᠬᠤ | ᠬᠡᠷᠡᠭᠳᠡᠢ᠃ | ᠲᠠᠪᠤᠳᠤᠭᠠᠷ ᠵᠦᠢᠯ ᠬᠤᠰᠢᠭᠤ ᠰᠢᠶᠠᠨ ᠤ ᠱᠠᠳᠤᠨ ᠠᠴᠠ ᠲᠡᠭᠡᠭᠰᠢᠬᠢ ᠠᠷᠠᠳ ᠤᠨ ᠵᠠᠰᠠᠭ ᠤᠨ ᠤᠷᠳᠤᠨ ᠤ | ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠬᠢᠨᠠᠨ ᠬᠠᠮᠢᠶᠠᠷᠬᠤ ᠪᠠᠶᠢᠭᠤᠯᠤᠮᠵᠢ ᠠᠴᠠ ᠲᠤᠰ ᠵᠠᠰᠠᠭ ᠵᠠᠬᠢᠷᠭᠠᠨ ᠤ | ᠣᠷᠣᠨ ᠤ ᠳᠣᠲᠣᠷᠠᠬᠢ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ | ᠳᠠᠯ᠎ᠠ ᠪᠠᠷ ᠬᠢ ᠬᠢᠨᠠᠯᠳᠠ ᠬᠠᠮᠢᠶᠠᠷᠤᠯᠳᠠ ᠶᠢᠨ ᠠᠵᠢᠯ ᠢ ᠬᠠᠷᠢᠭᠤᠴᠠᠨ᠎ᠠ᠃ ᠡᠳ᠋ ᠤᠨ ᠵᠠᠰᠠᠭ᠂ | ᠬᠦᠭᠵᠢᠬᠦᠯᠦᠯᠳᠡ ᠦᠭᠡᠷᠡᠴᠢᠯᠡᠯᠳᠡ᠂ ᠠᠵᠤ ᠦᠢᠯᠡᠳᠪᠦᠷᠢ ᠬᠤᠳᠠᠯᠳᠤᠭᠠᠨ ᠤ ᠵᠠᠰᠠᠭ ᠵᠠᠬᠢᠷᠭᠠᠨ ᠤ ᠬᠠᠮᠢᠶᠠᠷᠤᠯᠳᠠ᠂ | ᠤᠯᠤᠰ ᠤᠨ ᠭᠠᠵᠠᠷ ᠰᠢᠷᠤᠢ ᠡᠬᠢ ᠪᠠᠶᠠᠯᠢᠭ᠂ ᠤᠷᠤᠨ ᠰᠠᠭᠤᠴᠠ ᠬᠤᠲᠠ ᠬᠦᠳᠡᠭᠡ ᠶᠢᠨ ᠪᠦᠳᠦᠭᠡᠨ ᠪᠠᠶᠢᠭᠤᠯᠤᠯᠳᠠ | ᠂ ᠲᠤᠳᠤᠭᠠᠳᠤ ᠶᠢ ᠬᠠᠮᠠᠭᠠᠯᠠᠬᠤ ᠵᠡᠷᠭᠡ ᠰᠠᠯᠠᠭ᠎ᠠ ᠮᠥᠴᠢᠷ ᠤᠳ ᠲᠤᠰ ᠲᠤᠰ ᠤᠨ ᠡᠭᠦᠷᠭᠡ ᠬᠠᠷᠢᠭᠤᠴᠠᠯᠭ᠎ᠠ ᠶᠢᠨ | ᠶᠣᠰᠣᠭᠠᠷ᠂ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ | ᠬᠤᠯᠪᠤᠭᠳᠠᠯ ᠪᠦᠬᠦᠢ ᠬᠠᠮᠢᠶᠠᠷᠤᠯᠳᠠ ᠶᠢᠨ ᠠᠵᠢᠯ ᠢ ᠰᠠᠶᠢᠳᠤᠷ ᠬᠢᠬᠦ ᠬᠡᠷᠡᠭᠳᠡᠢ᠃ | ᠵᠢᠷᠭᠤᠳᠤᠭᠠᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢᠨ ᠡᠷᠭᠡ | ᠬᠠᠷᠢᠶ᠎ᠠ ᠶᠢᠨ ᠬᠠᠷᠢᠴᠠᠭ᠎ᠠ ᠲᠤᠳᠤᠷᠬᠠᠢ ᠦᠭᠡᠢ ᠪᠤᠶᠤ ᠡᠷᠭᠡ ᠬᠠᠷᠢᠶ᠎ᠠ ᠶᠢᠨ ᠵᠢᠭᠤᠷᠠᠯᠳᠤᠭᠠᠨ ᠲᠠᠢ ᠪᠣᠯ᠂ ᠰᠢᠯᠵᠢᠬᠦᠯᠦᠨ | ᠦᠭᠴᠤ ᠪᠤᠯᠬᠤ ᠦᠭᠡᠢ᠃ ᠲᠠᠭᠠᠭᠠᠯᠳᠠᠳᠤ ᠪᠤᠳᠠᠰ ᠤᠨ ᠡᠷᠭᠡ ᠲᠠᠢ ᠠᠵᠤ ᠠᠬᠤᠶᠢᠯᠠᠯ ᠤᠨ ᠤᠯᠤᠰ ᠤᠨ | ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠳᠤ᠂ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ | ᠤᠯᠤᠰ ᠤᠨ ᠲᠠᠭᠠᠭᠠᠯᠳᠠ ᠶᠢᠨ ᠬᠠᠤᠯᠢ︾ ᠪᠠ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ | ᠪᠤᠳᠠᠰ ᠤᠨ ᠡᠷᠭᠡ ᠶᠢᠨ ᠬᠠᠤᠯᠢ︾ ᠶᠢᠨ ᠬᠠᠮᠢᠶ᠎ᠠ ᠪᠦᠬᠦᠢ ᠲᠤᠭᠳᠠᠭᠠᠯ ᠳᠤ ᠨᠡᠶᠢᠴᠡᠭᠰᠡᠨ ᠪᠠᠶᠢᠬᠤ ᠬᠡᠷᠡᠭᠳᠡᠢ᠃ | ᠲᠤᠯᠤᠳᠤᠭᠠᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠳᠤ ᠠᠵᠤ ᠠᠬᠤᠶᠢᠯᠠᠯ ᠤᠨ ᠳᠣᠲᠣᠭᠠᠳᠤ ᠳᠠᠬᠢ ᠰᠢᠢᠳᠪᠦᠷᠢᠳᠤ ᠪᠤᠳᠤᠯᠭ᠎ᠠ ᠶᠢᠨ ᠳᠡᠰ ᠲᠠᠷᠠᠭᠠᠯᠠᠯ ᠤᠨ | ᠶᠤᠰᠤᠭᠠᠷ ᠬᠢᠨᠠᠨ ᠵᠥᠪᠯᠡᠬᠦ ᠶᠢᠨ ᠬᠠᠮᠳᠤ᠂ ᠪᠢᠴᠢᠭᠯᠡᠭᠰᠡᠨ ᠰᠢᠢᠳᠪᠦᠷᠢ ᠪᠣᠯᠭᠠᠬᠤ ᠬᠡᠷᠡᠭᠳᠡᠢ᠃ | ᠤᠯᠤᠰ ᠤᠨ ᠲᠤᠰᠠᠭᠠᠷ ᠪᠡᠯᠡ ᠤᠷᠤᠭᠤᠯᠤᠯᠳᠠ ᠶᠢᠨ ᠠᠵᠤ ᠠᠬᠤᠶᠢᠯᠠᠯ ᠤᠨ ᠡᠳ᠋ ᠬᠦᠷᠦᠩᠭᠡ ᠶᠢ ᠰᠢᠯᠵᠢᠬᠦᠯᠦᠨ | ᠦᠭᠬᠦ ᠳᠤ᠂ ᠶᠡᠷᠦᠩᠭᠡᠢ ᠳᠠᠭᠠᠭᠠᠮᠠᠯ ᠤᠨ ᠠᠵᠢᠯ ᠤᠨ ᠬᠤᠷᠠᠯ ᠢᠶᠠᠷ ᠬᠢᠨᠠᠨ ᠵᠥᠪᠯᠡᠬᠦ ᠬᠡᠷᠡᠭᠳᠡᠢ᠃ ᠤᠯᠤᠰ ᠤᠨ | ᠦᠮᠴᠢᠯᠡᠯᠳᠤ ᠲᠤᠰᠠᠭᠠᠷ ᠪᠡᠯᠡ ᠣᠷᠣᠭᠤᠯᠤᠯᠲᠠ ᠶᠢᠨ ᠺᠤᠮᠫᠠᠨᠢ ᠶᠢᠨ ᠡᠳ᠋ ᠬᠦᠷᠦᠩᠭᠡ ᠶᠢ ᠰᠢᠯᠵᠢᠬᠦᠯᠦᠨ ᠦᠭᠬᠦ ᠳᠤ᠂ | ᠬᠡᠷᠡᠭ ᠮᠡᠳᠡᠭᠴᠢᠳ ᠤᠨ ᠬᠤᠷᠠᠯ ᠢᠶᠠᠷ ᠬᠢᠨᠠᠨ ᠵᠥᠪᠯᠡᠭᠦᠯᠬᠦ ᠬᠡᠷᠡᠭᠲᠡᠢ︔ ᠬᠡᠷᠡᠭ ᠮᠡᠳᠡᠭᠴᠢᠳ ᠤᠨ ᠬᠤᠷᠠᠯ | ᠲᠤᠬᠢᠷᠠᠭᠤᠯᠤᠭᠰᠠᠨ ᠦᠭᠡᠢ ᠪᠤᠯ᠂ ᠶᠡᠷᠦᠩᠭᠡᠢ ᠳᠠᠭᠠᠭᠠᠮᠠᠯ ᠤᠨ ᠠᠵᠢᠯ ᠤᠨ ᠬᠤᠷᠠᠯ ᠢᠶᠠᠷ ᠬᠢᠨᠠᠨ ᠵᠥᠪᠯᠡᠭᠦᠯᠬᠦ | ᠬᠡᠷᠡᠭᠳᠡᠢ᠃ | ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠨᠢ ᠠᠵᠢᠯᠳᠠᠨ | ᠠᠵᠢᠯᠴᠢᠨ ᠤ ᠬᠠᠤᠯᠢ ᠶᠤᠰᠤᠨ ᠤ ᠡᠷᠭᠡ ᠠᠰᠢᠭ ᠲᠤ ᠬᠤᠯᠪᠤᠭᠳᠠᠭᠰᠠᠨ ᠪᠤᠯ᠂ ᠰᠢᠯᠵᠢᠬᠦᠯᠦᠨ ᠦᠭᠭᠦᠭᠰᠡᠨ ᠠᠵᠤ | ᠠᠬᠤᠶᠢᠯᠠᠯ ᠤᠨ ᠠᠵᠢᠯᠳᠠᠨ ᠠᠵᠢᠯᠴᠢᠨ ᠤ ᠲᠦᠯᠦᠭᠡᠯᠡᠭᠴᠢᠳ ᠤᠨ ᠶᠡᠭᠡ ᠬᠤᠷᠠᠯ ᠤᠨ ᠰᠠᠨᠠᠯ ᠢ ᠰᠣᠨᠣᠰᠴᠤ᠂ | ᠠᠵᠢᠯᠳᠠᠨ ᠠᠵᠢᠯᠴᠢᠨ ᠢ ᠲᠦᠪᠬᠢᠨᠡᠬᠦᠯᠬᠦ ᠵᠡᠷᠭᠡ ᠤᠴᠢᠷ ᠤᠳ ᠢ ᠠᠵᠢᠯᠳᠠᠨ ᠠᠵᠢᠯᠴᠢᠨ ᠤ ᠲᠦᠯᠦᠭᠡᠯᠡᠭᠴᠢᠳ ᠤᠨ | ᠶᠡᠭᠡ ᠬᠤᠷᠠᠯ ᠢᠶᠠᠷ ᠶᠠᠷᠢᠯᠴᠠᠭᠤᠯᠤᠨ ᠵᠥᠪᠰᠢᠶᠡᠷᠡᠭᠦᠯᠬᠦ ᠬᠡᠷᠡᠭᠳᠡᠢ᠃ | ᠨᠠᠢᠮᠠᠳᠤᠭᠠᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠳᠤ ᠲᠤᠤᠷᠠᠬᠢ ᠬᠢᠨᠠᠨ ᠵᠦᠪᠰᠢᠶᠡᠷᠡᠬᠦ ᠳᠡᠰ ᠳᠠᠷᠠᠭᠠᠯᠠᠯ ᠢᠶᠠᠷ ᠬᠦᠢᠴᠡᠳᠭᠡᠬᠦ ᠬᠡᠷᠡᠭᠳᠡᠢ᠄ | ︵ᠨᠢᠭᠡ︶ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠶᠢ | ᠪᠤᠯ ᠪᠡᠯᠡ ᠤᠷᠤᠭᠤᠯᠤᠭᠴᠢ ᠶᠢᠨ ᠡᠭᠦᠷᠭᠡ ᠬᠠᠷᠢᠭᠤᠴᠠᠯᠭ᠎ᠠ ᠭᠦᠴᠡᠳᠬᠡᠬᠦ ᠪᠠᠶᠢᠭᠤᠯᠤᠮᠵᠢ ᠠᠴᠠ ᠲᠣᠭᠲᠠᠭᠠᠬᠤ ᠬᠡᠷᠡᠭᠳᠡᠢ | ᠃ ᠵᠣᠭᠤᠰ ᠭᠠᠷᠭᠠᠭᠴᠢ ᠶᠢᠨ ᠡᠭᠦᠷᠭᠡ ᠬᠠᠷᠢᠭᠤᠴᠠᠯᠭ᠎ᠠ ᠭᠦᠢᠴᠡᠳᠬᠡᠬᠦ ᠪᠠᠶᠢᠭᠤᠯᠤᠮᠵᠢ ᠠᠴᠠ ᠪᠦᠬᠦ᠋ᠢᠯᠡ ᠤᠯᠤᠰ ᠤᠨ | ᠦᠮᠴᠢᠯᠡᠯᠳᠤ ᠡᠳ᠋ ᠬᠦᠷᠦᠩᠭᠡ ᠪᠤᠶᠤ ᠬᠡᠰᠡᠭ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠪᠠᠷ ᠲᠣᠭᠲᠠᠭᠰᠠᠨ ᠨᠢ ᠤᠯᠤᠰ ᠠᠴᠠ ᠲᠤᠰ ᠠᠵᠤ ᠠᠬᠤᠶᠢᠯᠠᠯ ᠢ ᠬᠤᠪᠢ ᠡᠵᠡᠮᠳᠡᠬᠦ ᠪᠠᠶᠢᠷᠢ ᠰᠠᠭᠤᠷᠢ ᠦᠭᠡᠢ | ᠪᠤᠯᠭᠠᠬᠤ ᠳᠤ ᠬᠦᠷᠪᠡᠯ᠂ ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠢᠶᠠᠷ ᠵᠦᠪᠰᠢᠶᠡᠷᠡᠬᠦᠯᠬᠦ ᠬᠡᠷᠡᠭᠳᠡᠢ᠃ | ︵ᠬᠤᠶᠠᠷ︶ ᠤᠯᠤᠰ ᠠᠴᠠ ᠵᠣᠭᠤᠰ ᠭᠠᠷᠭᠠᠭᠰᠠᠨ ᠠᠵᠤ ᠠᠬᠤᠶᠢᠯᠠᠯ ᠤᠳ ᠲᠡᠬᠦᠨ ᠤ ᠬᠤᠪᠢᠶᠠᠷᠢ ᠠᠵᠤ | ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠶᠢ ᠨᠢ ᠲᠣᠭᠲᠠᠨ᠎ᠠ᠃ | ᠡᠬᠦᠨ ᠳᠤ᠂ ᠭᠤᠤᠯ ᠪᠤᠯᠬᠤ ᠬᠤᠪᠢᠶᠠᠷᠢ ᠠᠵᠤ ᠠᠬᠤᠶᠢᠯᠠᠯ ᠤᠨ ᠴᠢᠬᠤᠯᠠ ᠶᠡᠭᠡ ᠤᠯᠤᠰ ᠤᠨ ᠦᠮᠴᠢᠯᠡᠯᠳᠤ ᠡᠳ᠋ | ᠬᠦᠷᠦᠩᠭᠡ ᠶᠢ ᠰᠢᠯᠵᠢᠬᠦᠯᠦᠨ ᠦᠭᠬᠦ ᠤᠴᠢᠷ ᠤᠳ ᠢ ᠪᠤᠯ᠂ ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠤ | ᠤᠯᠤᠰ ᠤᠨ ᠦᠮᠴᠢᠯᠡᠯᠳᠤ ᠡᠳ᠋ ᠬᠦᠷᠦᠩᠭᠡ ᠶᠢᠨ ᠬᠢᠨᠠᠨ ᠬᠠᠮᠢᠶᠠᠷᠬᠤ ᠪᠠᠶᠢᠭᠤᠯᠤᠮᠵᠢ ᠪᠠᠷ ᠵᠦᠪᠰᠢᠶᠡᠷᠡᠬᠦᠯᠬᠦ ᠬᠡᠷᠡᠭᠳᠡᠢ | ᠃ | ︵ᠭᠤᠷᠪᠠ︶ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠭᠤᠳ ᠵᠥᠪᠳᠡᠨ ᠰᠢᠯᠵᠢᠬᠦᠯᠦᠨ ᠦᠭᠬᠦ ᠳᠤ᠂ | ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠤᠯᠤᠰ ᠤᠨ ᠦᠮᠴᠢᠯᠡᠯᠳᠤ ᠡᠳ᠋ | ᠬᠦᠷᠦᠩᠭᠡ ᠶᠢᠨ ᠬᠢᠨᠠᠨ ᠬᠠᠮᠢᠶᠠᠷᠬᠤ ᠪᠠᠶᠢᠭᠤᠯᠤᠮᠵᠢ ᠪᠠᠷ ᠵᠦᠪᠰᠢᠶᠡᠷᠡᠬᠦᠯᠬᠦ ᠬᠡᠷᠡᠭᠳᠡᠢ᠃ ᠠᠵᠤ ᠠᠬᠤᠶᠢᠯᠠᠯ ᠤᠨ | ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠳᠤᠮᠳᠠ᠂ ᠵᠠᠰᠠᠭ ᠤᠨ ᠤᠷᠳᠤᠨ ᠤ ᠤᠯᠠᠨ | ᠨᠡᠶᠢᠳᠡ ᠶᠢᠨ ᠬᠠᠮᠢᠶᠠᠷᠤᠯᠳᠠ ᠶᠢᠨ ᠬᠢᠨᠠᠨ ᠵᠦᠪᠰᠢᠶᠡᠷᠡᠬᠦ ᠤᠴᠢᠷ ᠤᠳ ᠬᠤᠯᠪᠤᠭᠳᠠᠪᠠᠯ ᠂ ᠲᠤᠰ ᠱᠠᠳᠤᠨ ᠤ | ᠠᠷᠠᠳ ᠤᠨ ᠵᠠᠰᠠᠭ ᠤᠨ ᠤᠷᠳᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠮᠡᠳᠡᠬᠦᠯᠦᠨ ᠵᠦᠪᠰᠢᠶᠡᠷᠡᠬᠦᠯᠬᠦ | ᠬᠡᠷᠡᠭᠳᠡᠢ᠃ | ᠶᠢᠰᠦᠳᠦᠭᠡᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠶᠢᠨ ᠬᠢᠨᠠᠨ ᠵᠦᠪᠰᠢᠶᠡᠷᠡᠬᠦ ᠪᠠᠶᠢᠭᠤᠯᠤᠮᠵᠢ ᠠᠴᠠ ᠰᠢᠯᠵᠢᠬᠦᠯᠦᠨ ᠦᠭᠬᠦ ᠡᠲᠡᠭᠡᠳ ᠠᠴᠠ ᠳᠡᠪᠰᠢᠭᠦᠯᠦᠭᠰᠡᠨ | ᠪᠢᠴᠢᠭᠯᠡᠭᠰᠡᠨ ᠭᠤᠶᠤᠴᠢᠯᠠᠯ ᠤᠨ ᠮᠠᠲ᠋ᠤᠷᠢᠶᠠᠯ ᠢ ᠭᠠᠷᠳᠠᠭᠰᠠᠨ ᠡᠳᠦᠷ ᠠᠴᠠ ᠡᠬᠢᠯᠡᠵᠦ ᠬᠤᠷᠢᠨ ᠠᠵᠢᠯᠯᠠᠬᠤ ᠡᠳᠦᠷ ᠤᠨ | ᠲᠤᠳᠤᠷ᠎ᠠ ᠲᠣᠭᠲᠠᠭᠠᠯ ᠭᠠᠷᠭᠠᠬᠤ ᠬᠡᠷᠡᠭᠳᠡᠢ᠃ ᠨᠦᠬᠦᠴᠡᠯ ᠳᠤ ᠨᠡᠶᠢᠴᠡᠭᠰᠡᠨ ᠪᠣᠯ᠂ ᠰᠢᠯᠵᠢᠬᠦᠯᠦᠨ ᠦᠭᠬᠦ ᠶᠢ | ᠵᠥᠪᠰᠢᠶᠡᠷᠡᠭᠰᠡᠨ ᠪᠢᠴᠢᠭᠯᠡᠭᠰᠡᠨ ᠴᠣᠬᠤᠯᠠᠪᠤᠷᠢ ᠭᠠᠷᠭᠠᠵᠤ ᠦᠭᠬᠦ ᠬᠡᠷᠡᠭᠳᠡᠢ︔ ᠨᠦᠬᠦᠴᠡᠯ ᠳᠤ ᠨᠡᠶᠢᠴᠡᠭᠰᠡᠨ ᠦᠭᠡᠢ | ᠪᠣᠯ᠂ ᠰᠢᠯᠵᠢᠬᠦᠯᠦᠨ ᠦᠭᠬᠦ ᠡᠲᠡᠭᠡᠳ ᠲᠤ ᠪᠢᠴᠢᠭ ᠢᠶᠠᠷ ᠰᠢᠯᠳᠠᠭᠠᠨ ᠢ ᠨᠢ ᠲᠤᠳᠤᠷᠬᠠᠶᠢᠯᠠᠵᠤ ᠦᠭᠬᠦ ᠬᠡᠷᠡᠭᠳᠡᠢ᠃ | ᠠᠷᠪᠠᠳᠤᠭᠠᠷ ᠵᠦᠢᠯ ᠤᠯᠤᠰ ᠤᠨ ᠲᠤᠭᠳᠠᠭᠠᠯ ᠶᠣᠰᠣᠭᠠᠷ ᠰᠢᠭᠤᠳ ᠵᠥᠪᠳᠡᠯᠴᠡᠭᠡᠷ ᠢᠶᠠᠷ ᠰᠢᠯᠵᠢᠬᠦᠯᠦᠨ | ᠥᠭᠬᠦ ᠠᠴᠠ ᠪᠤᠰᠤᠳ᠂ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ | ᠦᠭᠬᠦ ᠳᠤ ᠬᠠᠤᠯᠢ ᠶᠤᠰᠤᠭᠠᠷ ᠪᠠᠶᠢᠭᠤᠯᠤᠭᠰᠠᠨ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ | ᠬᠦᠷᠦᠩᠭᠡ ᠶᠢᠨ ᠦᠮᠴᠢᠯᠡᠬᠦ ᠡᠷᠭᠡ ᠶᠢᠨ ᠠᠷᠠᠯᠵᠢᠶᠠᠯᠠᠬᠤ ᠬᠢᠷᠢ ᠬᠡᠮ ᠲᠠᠢ ᠦᠮᠴᠢᠯᠡᠬᠦ ᠡᠷᠭᠡ ᠠᠷᠠᠯᠵᠢᠶᠠᠯᠠᠬᠤ | ᠪᠠᠶᠢᠭᠤᠯᠤᠮᠵᠢ ᠳᠤ ᠢᠯᠡ ᠪᠠᠷ ᠶᠠᠪᠤᠭᠳᠠᠭᠤᠯᠬᠤ ᠬᠡᠷᠡᠭᠳᠡᠢ᠃ | ᠰᠢᠯᠵᠢᠬᠦᠯᠦᠨ ᠦᠭᠬᠦ ᠡᠲᠡᠭᠡᠳ ᠠᠴᠠ ᠬᠤᠯᠪᠤᠭᠳᠠᠯ ᠪᠦᠬᠦᠢ ᠮᠡᠳᠡᠭᠡ ᠵᠠᠩᠬᠢ ᠶᠢ ᠦᠨᠡᠨ ᠪᠤᠳᠠᠳᠠᠢ ᠪᠠᠷ | ᠨᠡᠶᠢᠳᠡᠯᠡᠵᠤ᠂ ᠬᠦᠯᠢᠶᠡᠨ ᠠᠪᠬᠤ ᠡᠲᠡᠭᠡᠳ ᠢ ᠡᠯᠰᠡᠬᠦ ᠬᠡᠷᠡᠭᠳᠡᠢ︔ ᠡᠯᠰᠡᠭᠳᠡᠭᠰᠡᠨ ᠬᠦᠯᠢᠶᠡᠨ ᠠᠪᠬᠤ ᠡᠲᠡᠭᠡᠳ ᠨᠢ | ᠬᠤᠶᠠᠷ ᠠᠴᠠ ᠲᠡᠭᠡᠭᠰᠢ ᠪᠠᠶᠢᠪᠠᠯ᠂ ᠰᠢᠯᠵᠢᠬᠦᠯᠦᠨ ᠦᠭᠬᠦ ᠶᠢ ᠰᠦᠯᠵᠢᠶᠡᠨ ᠲᠡᠭᠡᠷ᠎ᠡ ᠦᠨ᠎ᠡ ᠦᠷᠢᠰᠦᠯᠳᠦᠬᠦ᠂ ᠦᠨ᠎ᠡ | ᠬᠠᠶᠠᠯᠴᠠᠨ ᠬᠤᠳᠠᠯᠳᠤᠬᠤ᠂ ᠲᠠᠭᠠᠭᠠᠴᠢᠯᠠᠯᠳᠠ ᠵᠠᠷᠯᠠᠬᠤ ᠲᠠᠭᠠᠭᠠᠴᠢᠯᠠᠯᠳᠠ ᠬᠦᠯᠢᠶᠡᠬᠦ ᠵᠡᠷᠭᠡ ᠢᠯᠡ ᠪᠠᠷ ᠦᠨ᠎ᠡ | ᠦᠷᠢᠰᠦᠯᠳᠦᠬᠦ ᠠᠷᠭ᠎ᠠ ᠮᠠᠶ᠋ᠢᠭ ᠢ ᠠᠪᠬᠤ ᠬᠡᠷᠡᠭᠳᠡᠢ᠃ | ᠲᠠᠯᠠᠪᠠᠢ ᠶᠢᠨ ᠭᠠᠳᠠᠨ᠎ᠠ ᠰᠢᠯᠵᠢᠬᠦᠯᠦᠨ ᠦᠭᠬᠦ ᠪᠤᠶᠤ ᠨᠢᠭᠤᠴᠠ ᠪᠠᠷ ᠰᠢᠯᠵᠢᠬᠦᠯᠦᠨ ᠦᠭᠬᠦ ᠶᠢ ᠴᠠᠭᠠᠵᠠᠯᠠᠬᠤ | ᠬᠡᠷᠡᠭᠲᠡᠢ᠃ | ᠠᠷᠪᠠᠨ ᠨᠢᠭᠡᠳᠦᠭᠡᠷ ᠵᠦᠢᠯ ᠳᠣᠣᠷᠠᠬᠢ ᠪᠠᠶᠢᠳᠠᠯ ᠤᠨ ᠨᠢᠭᠡ ᠨᠢ ᠪᠠᠶᠢᠪᠠᠯ᠂ ᠰᠢᠭᠤᠳ ᠵᠥᠪᠳᠡᠯᠴᠡᠭᠡᠷ ᠢᠶᠠᠷ | ᠰᠢᠯᠵᠢᠬᠦᠯᠦᠨ ᠦᠭᠴᠤ ᠪᠤᠯᠤᠨ᠎ᠠ᠄ | ︵ᠨᠢᠭᠡ︶ ᠤᠯᠤᠰ ᠠᠷᠠᠳ ᠤᠨ ᠠᠵᠤ ᠠᠬᠤᠢ ᠶᠢᠨ ᠵᠠᠩᠬᠢᠯᠠᠭ᠎ᠠ ᠶᠢᠨ ᠠᠵᠢᠯ ᠲᠦᠷᠦᠯ᠂ ᠬᠦᠷᠢᠶ᠎ᠡ | ᠬᠡᠪᠴᠢᠶᠡᠨ ᠤ ᠲᠤᠳᠤᠷ᠎ᠠ ᠬᠦᠯᠢᠶᠡᠨ ᠠᠪᠬᠤ ᠡᠲᠡᠭᠡᠳ ᠠᠴᠠ ᠣᠨᠴᠤᠭᠠᠢ ᠱᠠᠭᠠᠷᠳᠠᠯᠭ᠎ᠠ ᠲᠠᠢ᠃ | ︵ᠬᠤᠶᠠᠷ︶ ᠤᠯᠤᠰ ᠠᠴᠠ ᠵᠣᠭᠤᠰ ᠭᠠᠷᠭᠠᠭᠰᠠᠨ ᠠᠵᠤ ᠠᠬᠤᠶᠢᠯᠠᠯ ᠤᠨ ᠲᠤᠳᠤᠭᠠᠳᠤ ᠶᠢᠨ ᠡᠳ᠋ | ᠬᠦᠷᠦᠩᠭᠡ ᠶᠢ ᠲᠠᠬᠢᠨ ᠪᠠᠶᠢᠭᠤᠯᠬᠤ ᠶᠢᠨ ᠲᠤᠮᠳᠠ᠂ ᠰᠢᠯᠵᠢᠬᠦᠯᠦᠨ ᠦᠭᠬᠦ ᠡᠲᠡᠭᠡᠳ ᠪᠠ ᠬᠦᠯᠢᠶᠡᠨ ᠠᠪᠬᠤ ᠡᠲᠡᠭᠡᠳ | ᠴᠦᠮ ᠤᠯᠤᠰ ᠤᠨ ᠲᠤᠰᠠᠭᠠᠷ ᠪᠡᠯᠡ ᠣᠷᠣᠭᠤᠯᠤᠯᠲᠠ ᠶᠢᠨ ᠺᠤᠮᠫᠠᠨᠢ ᠪᠤᠶᠤ ᠤᠯᠤᠰ ᠤᠨ ᠦᠮᠴᠢᠯᠡᠯᠳᠤ | ᠬᠦᠷᠦᠩᠭᠡ ᠶᠢᠨ ᠬᠤᠪᠢ ᠡᠵᠡᠮᠳᠡᠭᠰᠡᠨ ᠺᠤᠮᠫᠠᠨᠢ ᠪᠤᠯᠬᠤ᠃ | ᠠᠷᠪᠠᠨ ᠬᠤᠶᠠᠳᠤᠭᠠᠷ ᠵᠦᠢᠯ ᠳᠣᠣᠷᠠᠬᠢ ᠪᠠᠶᠢᠳᠠᠯ ᠤᠨ ᠨᠢᠭᠡ ᠨᠢ ᠪᠠᠶᠢᠪᠠᠯ᠂ ᠦᠮᠴᠢᠯᠡᠬᠦ ᠡᠷᠭᠡ | ᠠᠷᠠᠯᠵᠢᠶᠠᠯᠠᠬᠤ ᠪᠠᠶᠢᠭᠤᠯᠤᠮᠵᠢ ᠳᠤ ᠣᠷᠣᠵᠤ ᠠᠷᠠᠯᠵᠢᠶᠠᠯᠠᠬᠤ ᠬᠡᠷᠡᠭᠳᠡᠢ᠄ | ︵ᠨᠢᠭᠡ︶ ᠤᠯᠤᠰ ᠤᠨ ᠦᠮᠴᠢᠯᠡᠯᠳᠤ ᠲᠤᠰᠠᠭᠠᠷ ᠪᠡᠯᠡ ᠣᠷᠣᠭᠤᠯᠤᠯᠲᠠ ᠶᠢᠨ ᠠᠵᠤ ᠠᠬᠤᠶᠢᠯᠠᠯ ᠤᠨ ᠪᠦᠬᠦᠯᠢ | ᠴᠣᠭᠴᠠ ᠪᠤᠶᠤ ᠬᠡᠰᠡᠭ ᠦᠮᠴᠢᠯᠡᠬᠦ ᠡᠷᠭᠡ ᠪᠠᠨ ᠰᠢᠯᠵᠢᠬᠦᠯᠦᠨ ᠦᠭᠬᠦ᠃ | ︵ᠬᠤᠶᠠᠷ︶ ᠤᠯᠤᠰ ᠤᠨ ᠦᠮᠴᠢᠯᠡᠯᠳᠤ ᠲᠤᠰᠠᠭᠠᠷ ᠪᠡᠯᠡ ᠣᠷᠣᠭᠤᠯᠤᠯᠲᠠ ᠶᠢᠨ ᠺᠤᠮᠫᠠᠨᠢ᠂ ᠤᠯᠤᠰ ᠤᠨ | ᠦᠮᠴᠢᠯᠠᠯᠳᠤ ᠬᠤᠪᠢ ᠤᠷᠤᠭᠤᠯᠤᠯᠳᠠ ᠶᠢ ᠡᠷᠬᠡᠰᠢᠶᠡᠬᠦ ᠺᠤᠮᠫᠠᠨᠢ᠂ ᠤᠯᠤᠰ ᠤᠨ ᠦᠮᠴᠢᠯᠠᠯᠳᠤ ᠬᠦᠷᠦᠩᠭᠡ ᠶᠢᠨ | ᠬᠤᠪᠢ ᠤᠷᠤᠭᠤᠯᠬᠤ ᠺᠤᠮᠫᠠᠨᠢ ᠶᠢᠨ ᠤᠯᠤᠰ ᠤᠨ ᠦᠮᠴᠢᠯᠡᠯᠳᠤ ᠰᠲ᠋ᠣᠺ ᠤᠨ ᠡᠷᠭᠡ ᠶᠢ ᠰᠢᠯᠵᠢᠬᠦᠯᠦᠨ ᠦᠭᠬᠦ᠃ | ︵ᠭᠤᠷᠪᠠ︶ ᠤᠯᠤᠰ ᠤᠨ ᠦᠮᠴᠢᠯᠡᠯᠳᠤ ᠲᠤᠰᠠᠭᠠᠷ ᠪᠡᠯᠡ ᠣᠷᠣᠭᠤᠯᠤᠯᠲᠠ ᠶᠢᠨ ᠠᠵᠤ ᠠᠬᠤᠶᠢᠯᠠᠯ᠂ | ᠤᠯᠤᠰ ᠤᠨ ᠦᠮᠴᠢᠯᠡᠯᠳᠤ ᠲᠤᠰᠠᠭᠠᠷ ᠪᠡᠯᠡ ᠣᠷᠣᠭᠤᠯᠤᠯᠲᠠ ᠶᠢᠨ ᠺᠤᠮᠫᠠᠨᠢ ᠵᠢᠴᠢ ᠤᠯᠤᠰ ᠤᠨ ᠦᠮᠴᠢᠯᠡᠯᠳᠤ ᠬᠤᠪᠢ | ᠤᠷᠤᠭᠤᠯᠤᠯᠳᠠ ᠶᠢ ᠡᠷᠭᠡᠰᠢᠶᠡᠷᠡᠬᠦ ᠺᠤᠮᠫᠠᠨᠢ ᠨᠤᠭᠤᠳ ᠲᠠᠯᠠᠪᠠᠢ ᠳᠤ ᠤᠷᠤᠵᠤ ᠠᠷᠠᠯᠵᠢᠶᠠᠯᠠᠬᠤ ᠦᠨ᠎ᠡ ᠦᠷᠳᠡᠭ ᠲᠠᠢ | ᠪᠤᠳᠠᠳᠤ ᠪᠤᠳᠠᠰ ᠤᠨ ᠡᠳ᠋ ᠬᠦᠷᠦᠩᠭᠡ ᠶᠢ ᠰᠢᠯᠵᠢᠬᠦᠯᠦᠨ ᠦᠭᠬᠦ᠃ | ︵ᠲᠦᠷᠪᠡ︶ ᠤᠯᠤᠰ ᠤᠨ ᠦᠮᠴᠢᠯᠡᠯᠳᠤ ᠲᠤᠰᠠᠭᠠᠷ ᠪᠡᠯᠡ ᠣᠷᠣᠭᠤᠯᠤᠯᠲᠠ ᠶᠢᠨ ᠠᠵᠤ ᠠᠬᠤᠶᠢᠯᠠᠯ᠂ | ᠤᠯᠤᠰ ᠤᠨ ᠦᠮᠴᠢᠯᠡᠯᠳᠤ ᠲᠤᠰᠠᠭᠠᠷ ᠬᠤᠪᠢ ᠣᠷᠣᠭᠤᠯᠤᠯᠲᠠ ᠶᠢᠨ ᠺᠤᠮᠫᠠᠨᠢ ᠵᠢᠴᠢ ᠤᠯᠤᠰ ᠤᠨ ᠦᠮᠴᠢᠯᠡᠯᠳᠤ | ᠬᠤᠪᠢ ᠤᠷᠤᠭᠤᠯᠤᠯᠳᠠ ᠶᠢ ᠡᠷᠬᠡᠰᠢᠶᠡᠬᠦ ᠺᠤᠮᠫᠠᠨᠢ ᠶᠢᠨ ᠠᠪᠴᠠᠭᠠᠨ ᠤ ᠡᠷᠬᠡ᠂ ᠮᠡᠳᠡᠯᠭᠡ ᠶᠢᠨ ᠥᠮᠴᠢᠯᠡᠬᠦ ᠡᠷᠭᠡ᠂ | ᠡᠵᠡᠩᠨᠡᠯᠳᠡ ᠶᠢᠨ ᠴᠢᠨᠠᠷᠳᠠᠢ ᠭᠠᠵᠠᠷ ᠰᠢᠷᠤᠢ ᠬᠡᠷᠡᠭᠯᠡᠬᠦ ᠡᠷᠭᠡ᠂ ᠠᠭᠤᠷᠬᠠᠢ ᠶᠢᠨ ᠦᠢᠯᠡᠰ ᠤᠨ ᠡᠷᠭᠡ ᠵᠡᠷᠭᠡ ᠴᠢᠬᠤᠯᠠ | ᠡᠷᠭᠡ ᠠᠰᠢᠭ ᠤᠨ ᠴᠢᠨᠠᠷᠳᠠᠢ ᠡᠳ᠋ ᠬᠦᠷᠦᠩᠭᠡ ᠶᠢ ᠰᠢᠯᠵᠢᠬᠦᠯᠦᠨ ᠦᠭᠬᠦ᠃ | ︵ᠲᠠᠪᠤ︶ ᠤᠯᠤᠰ ᠤᠨ ᠦᠮᠴᠢᠯᠡᠯᠳᠤ ᠲᠤᠰᠠᠭᠠᠷ ᠪᠡᠯᠡ ᠤᠷᠤᠭᠤᠯᠤᠯᠳᠠ ᠶᠢᠨ ᠠᠵᠤ ᠠᠬᠤᠶᠢᠯᠠᠯ᠂ | ᠤᠯᠤᠰ ᠤᠨ ᠦᠮᠴᠢᠯᠡᠯᠳᠤ ᠲᠤᠰᠠᠭᠠᠷ ᠪᠡᠯᠡ ᠤᠷᠤᠭᠤᠯᠤᠯᠳᠠ ᠶᠢᠨ ᠺᠤᠮᠫᠠᠨᠢ ᠵᠢᠴᠢ ᠤᠯᠤᠰ ᠤᠨ ᠦᠮᠴᠢᠯᠡᠯᠳᠤ ᠬᠤᠪᠢ | ᠤᠷᠤᠭᠤᠯᠤᠯᠳᠠ ᠶᠢ ᠡᠷᠭᠡᠰᠢᠶᠡᠬᠦ ᠺᠤᠮᠫᠠᠨᠢ ᠶᠢᠨ ᠡᠳ᠋ ᠬᠦᠷᠦᠩᠭᠡ ᠪᠠᠨ ᠭᠠᠳᠠᠭᠰᠢ ᠲᠦᠷᠢᠶᠡᠰᠦᠯᠡᠵᠤ ᠵᠢᠬᠡᠯᠡᠬᠦᠯᠬᠦ᠂ | ᠲᠠᠭᠠᠭᠠᠴᠢᠯᠠᠨ ᠡᠵᠡᠩᠨᠡᠬᠦ ᠡᠷᠭᠡ ᠵᠡᠷᠭᠡ ᠡᠳ᠋ ᠬᠦᠷᠦᠩᠭᠡ ᠶᠢᠨ ᠬᠡᠷᠡᠭᠯᠡᠭᠡᠨ ᠤ ᠡᠷᠭᠡ ᠶᠢ ᠦᠨ᠎ᠡ ᠲᠦᠯᠦᠪᠦᠷᠢ ᠲᠠᠢ ᠪᠠᠷ | ᠰᠢᠯᠵᠢᠬᠦᠯᠦᠨ ᠦᠭᠬᠦ᠃ | ︵ᠵᠢᠷᠭᠤᠭ᠎ᠠ︶ ᠤᠯᠤᠰ ᠤᠨ ᠦᠮᠴᠢᠯᠡᠯᠳᠤ ᠲᠤᠰᠠᠭᠠᠷ ᠪᠡᠯᠡ ᠤᠷᠤᠭᠤᠯᠤᠯᠳᠠ ᠶᠢᠨ ᠠᠵᠤ ᠠᠬᠤᠶᠢᠯᠠᠯ᠂ | ᠤᠯᠤᠰ ᠤᠨ ᠦᠮᠴᠢᠯᠡᠯᠳᠤ ᠲᠤᠰᠠᠭᠠᠷ ᠪᠡᠯᠡ ᠤᠷᠤᠭᠤᠯᠤᠯᠳᠠ ᠶᠢᠨ ᠺᠤᠮᠫᠠᠨᠢ ᠵᠢᠴᠢ ᠤᠯᠤᠰ ᠤᠨ ᠦᠮᠴᠢᠯᠡᠯᠳᠤ ᠬᠤᠪᠢ | ᠤᠷᠤᠭᠤᠯᠤᠯᠳᠠ ᠶᠢ ᠡᠷᠭᠡᠰᠢᠶᠡᠬᠦ ᠺᠤᠮᠫᠠᠨᠢ ᠶᠢᠨ ᠲᠠᠮᠫᠤᠷᠠᠯ ᠪᠠ ᠵᠠᠷᠭᠤ ᠳᠤ ᠬᠤᠯᠪᠤᠭᠳᠠᠭᠰᠠᠨ ᠡᠳ᠋ ᠬᠦᠷᠦᠩᠭᠡ ᠶᠢ | ᠰᠢᠯᠵᠢᠬᠦᠯᠦᠨ ᠦᠭᠬᠦ᠃ | ︵ᠲᠤᠯᠤᠭ᠎ᠠ︶ ᠬᠠᠤᠯᠢ ᠴᠠᠭᠠᠵᠠ᠂ ᠬᠠᠤᠯᠢ ᠲᠤᠭᠳᠠᠭᠠᠯ ᠳᠤ ᠲᠤᠭᠳᠠᠭᠠᠭᠰᠠᠨ ᠪᠤᠰᠤᠳ ᠠᠵᠤ | ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ᠃ | ᠠᠷᠪᠠᠨ ᠭᠤᠷᠪᠠᠳᠤᠭᠠᠷ ᠵᠦᠢᠯ ᠬᠢᠯᠢ ᠶᠢᠨ ᠭᠠᠳᠠᠨᠠᠬᠢ ᠪᠡᠯᠡ ᠤᠷᠤᠭᠤᠯᠤᠭᠴᠢ ᠳᠤ ᠠᠵᠤ ᠠᠬᠤᠶᠢᠯᠠᠯ ᠤᠨ | ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠥᠭᠬᠦ ᠳᠤ᠂ ᠤᠯᠤᠰ ᠪᠠ ᠦᠪᠡᠷᠳᠡᠭᠡᠨ ᠵᠠᠰᠠᠬᠤ | ᠤᠷᠤᠨ ᠤ ᠬᠤᠯᠪᠤᠭᠳᠠᠯ ᠪᠦᠬᠦᠢ ᠭᠠᠳᠠᠭᠠᠳᠤ ᠬᠤᠳᠠᠯᠳᠤᠭᠠᠴᠢᠳ ᠤᠨ ᠪᠡᠯᠡ ᠣᠷᠣᠭᠤᠯᠤᠯᠲᠠ ᠶᠢᠨ ᠲᠤᠭᠳᠠᠭᠠᠯ ᠪᠠ | ᠠᠵᠤ ᠦᠢᠯᠡᠰ ᠤᠨ ᠵᠢᠯᠤᠭᠤᠳᠤᠮᠵᠢ ᠶᠢᠨ ᠭᠠᠷᠴᠠᠭ ᠲᠤ ᠨᠡᠶᠢᠴᠡᠬᠦ ᠶᠤᠰᠤᠳᠠᠢ᠂ ᠤᠯᠤᠰ ᠤᠨ ᠠᠮᠤᠷ ᠲᠦᠪᠰᠢᠨ ᠪᠠ | ᠨᠡᠶᠢᠭᠡᠮ ᠤᠨ ᠤᠯᠠᠨ ᠨᠡᠶᠢᠳᠡ ᠶᠢᠨ ᠡᠷᠭᠡ ᠠᠰᠢᠭ ᠲᠤ ᠬᠠᠯᠳᠠᠵᠤ ᠪᠤᠯᠬᠤ ᠦᠭᠡᠢ᠃ | ᠠᠷᠪᠠᠨ ᠲᠦᠷᠪᠡᠳᠦᠭᠡᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ | ᠰᠢᠯᠵᠢᠬᠦᠯᠦᠨ ᠦᠭᠬᠦ ᠳᠤ ᠬᠠᠤᠯᠢ ᠶᠤᠰᠤᠭᠠᠷ ᠦᠨᠡᠯᠡᠨ ᠵᠢᠱᠢᠭᠰᠡᠨ᠂ ᠵᠣᠭᠤᠰ ᠭᠠᠷᠭᠠᠭᠴᠢ ᠶᠢᠨ ᠡᠭᠦᠷᠭᠡ | ᠬᠠᠷᠢᠭᠤᠴᠠᠯᠭ᠎ᠠ ᠬᠦᠢᠴᠡᠳᠭᠡᠬᠦ ᠪᠠᠶᠢᠭᠤᠯᠤᠮᠵᠢ ᠶᠢᠨ ᠦᠨᠡᠮᠰᠢᠯ ᠢ ᠲᠠᠮᠵᠢᠬᠤ ᠪᠤᠶᠤ ᠵᠣᠭᠤᠰ ᠭᠠᠷᠭᠠᠭᠴᠢ ᠶᠢᠨ ᠡᠬᠦᠷᠭᠡ | ᠬᠠᠷᠢᠭᠤᠴᠠᠯᠭ᠎ᠠ ᠬᠦᠢᠴᠡᠳᠭᠡᠬᠦ ᠪᠠᠶᠢᠭᠤᠯᠤᠮᠵᠢ ᠠᠴᠠ ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠳᠤ | ᠮᠡᠳᠡᠬᠦᠯᠦᠨ ᠬᠢᠨᠠᠨ ᠬᠠᠷᠭᠤᠭᠤᠯᠤᠭᠰᠠᠨ ᠦᠨ᠎ᠡ ᠬᠠᠩᠰᠢ ᠪᠠᠷ ᠦᠨᠳᠦᠰᠦᠯᠡᠯ ᠪᠤᠯᠭᠠᠵᠤ᠂ ᠬᠠᠮᠤᠭ ᠲᠤᠤᠷ᠎ᠠ | ᠰᠢᠯᠵᠢᠬᠦᠯᠦᠨ ᠦᠭᠬᠦ ᠦᠨ᠎ᠡ ᠬᠠᠩᠰᠢ ᠶᠢ ᠵᠦᠢ ᠵᠣᠬᠢᠰᠲᠠᠢ ᠲᠤᠭᠳᠠᠭᠠᠬᠤ ᠬᠡᠷᠡᠭᠳᠡᠢ᠃ | ᠠᠷᠪᠠᠨ ᠲᠠᠪᠤᠳᠤᠭᠠᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ | ᠰᠢᠯᠵᠢᠬᠦᠯᠦᠨ ᠦᠭᠬᠦ ᠠᠩᠬᠠᠨ ᠤ ᠢᠯᠡ ᠡᠯᠭᠦᠬᠦ ᠦᠨ᠎ᠡ ᠬᠠᠩᠰᠢ ᠨᠢ ᠬᠢᠨᠡᠨ ᠬᠠᠷᠭᠤᠭᠤᠯᠤᠭᠰᠠᠨ ᠪᠤᠶᠤ | ᠳᠠᠩᠰᠠᠯᠠᠭᠤᠯᠤᠭᠰᠠᠨ ᠬᠦᠷᠦᠩᠭᠡ ᠶᠢᠨ ᠦᠨᠡᠯᠡᠨ ᠵᠢᠱᠢᠭᠰᠡᠨ ᠦᠷ᠎ᠡ ᠳ᠋ᠦᠩ ᠠᠴᠠ ᠲᠤᠤᠷ᠎ᠠ ᠪᠠᠶᠢᠵᠤ ᠪᠤᠯᠬᠤ ᠦᠭᠡᠢ︔ | ᠢᠯᠡ ᠪᠠᠷ ᠡᠯᠰᠡᠭᠡᠳ ᠬᠦᠯᠢᠶᠡᠨ ᠠᠪᠬᠤ ᠡᠲᠡᠭᠡᠳ ᠭᠠᠷᠤᠭᠰᠠᠨ ᠦᠭᠡᠢ ᠪᠣᠯ ᠰᠢᠯᠵᠢᠭᠦᠯᠦᠨ ᠥᠭᠬᠦ ᠡᠲᠡᠭᠡᠳ ᠠᠴᠠ | ᠢᠯᠡᠳᠬᠡᠯᠲᠡ ᠶᠢᠨ ᠪᠠᠶᠢᠳᠠᠯ ᠢ ᠦᠨᠳᠦᠰᠦᠯᠡᠨ ᠰᠢᠨ᠎ᠡ ᠢᠯᠡ ᠡᠯᠭᠦᠬᠦ ᠦᠨ᠎ᠡ ᠬᠠᠩᠰᠢ ᠶᠢ ᠲᠣᠭᠲᠠᠭᠠᠬᠤ ᠶᠢᠨ ᠬᠠᠮᠲᠤ | ᠳᠠᠬᠢᠨ ᠰᠢᠨ᠎ᠡ ᠪᠠᠷ ᠵᠠᠷᠯᠠᠬᠤ ᠬᠡᠷᠡᠭᠲᠡᠢ︔ ᠬᠡᠷᠪᠡ ᠲᠦᠰᠦᠭᠡᠯᠡᠨ ᠲᠤᠭᠳᠠᠭᠰᠠᠨ ᠰᠢᠨ᠎ᠡ ᠢᠯᠡ ᠡᠯᠭᠦᠬᠦ ᠦᠨ᠎ᠡ | ᠬᠠᠩᠰᠢ ᠨᠢ ᠬᠦᠷᠦᠩᠭᠡ ᠶᠢᠨ ᠦᠨᠡᠯᠡᠨ ᠵᠢᠱᠢᠭᠰᠡᠨ ᠦᠷ᠎ᠡ ᠳ᠋ᠦᠩ ᠤᠨ ᠵᠠᠭᠤᠨ ᠤ ᠶᠡᠷᠡ ᠠᠴᠠ ᠲᠤᠤᠷ᠎ᠠ ᠪᠤᠯᠪᠠᠯ᠂ | ᠬᠠᠮᠢᠶ᠎ᠠ ᠪᠦᠬᠦᠢ ᠡᠳ᠋ ᠬᠦᠷᠦᠩᠭᠡ ᠶᠢ ᠰᠢᠯᠵᠢᠬᠦᠯᠦᠨ ᠦᠭᠬᠦ ᠶᠢᠨ ᠬᠢᠨᠠᠨ ᠵᠦᠪᠰᠢᠶᠡᠷᠡᠬᠦ ᠪᠠᠶᠢᠭᠤᠯᠤᠮᠵᠢ ᠠᠴᠠ | ᠪᠢᠴᠢᠭᠯᠡᠭᠰᠡᠨ ᠵᠦᠪᠰᠢᠶᠡᠷᠡᠯ ᠢ ᠤᠯᠬᠤ ᠬᠡᠷᠡᠭᠲᠡᠢ᠃ | ᠠᠷᠪᠠᠨ ᠵᠢᠷᠭᠤᠳᠤᠭᠠᠷ ᠵᠦᠢᠯ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠪᠠᠷ ᠳᠠᠮᠵᠢᠨ ᠠᠵᠤ | ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠳᠤ᠂ ᠳᠣᠣᠷᠠᠬᠢ ᠳᠡᠰ | ᠲᠠᠷᠠᠭᠠᠯᠠᠯ ᠢᠶᠠᠷ ᠬᠢᠬᠦ ᠬᠡᠷᠡᠭᠲᠡᠢ᠄ | ︵ᠨᠢᠭᠡ︶ ᠰᠢᠯᠵᠢᠬᠦᠯᠦᠨ ᠦᠭᠬᠦ ᠡᠲᠡᠭᠡᠳ ᠠᠴᠠ ᠭᠤᠶᠤᠴᠢᠯᠠᠯ ᠲᠡᠪᠰᠢᠬᠦᠯᠵᠤ᠂ ᠦᠮᠴᠢᠯᠡᠬᠦ ᠡᠷᠭᠡ | ᠠᠷᠠᠯᠵᠢᠶᠠᠯᠠᠬᠤ ᠪᠠᠶᠢᠭᠤᠯᠤᠮᠵᠢ ᠠᠴᠠ ᠭᠤᠶᠤᠴᠢᠯᠠᠭᠰᠠᠨ ᠮᠠᠲ᠋ᠤᠷᠢᠶᠠᠯ ᠢ ᠬᠢᠨᠠᠨ ᠬᠠᠷᠭᠤᠭᠤᠯᠬᠤ ᠶᠢᠨ ᠬᠠᠮᠳᠤ ᠬᠦᠯᠢᠶᠡᠨ | ᠠᠪᠴᠤ ᠰᠢᠢᠳᠪᠦᠷᠢᠯᠡᠬᠦ ᠬᠡᠷᠡᠭᠳᠡᠢ᠃ | ︵ᠬᠤᠶᠠᠷ︶ ᠰᠢᠯᠵᠢᠬᠦᠯᠦᠨ ᠦᠭᠬᠦ ᠡᠲᠡᠭᠡᠳ ᠠᠴᠠ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠳᠤ | ᠨᠠᠶᠢᠳᠠᠵᠤ ᠰᠦᠯᠵᠢᠶ᠎ᠡ ᠪᠠ ᠰᠤᠨᠢᠨ ᠰᠡᠳᠬᠦᠯ ᠵᠡᠷᠭᠡ ᠵᠠᠭᠤᠴᠢᠯᠠᠭᠤᠷ ᠢᠶᠠᠷ ᠲᠠᠮᠵᠢᠨ ᠠᠵᠤ ᠠᠬᠤᠶᠢᠯᠠᠯ ᠤᠨ | ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠮᠡᠳᠡᠭᠡ ᠵᠠᠩᠬᠢ ᠪᠠᠨ ᠨᠡᠶᠢᠭᠡᠮ ᠳᠤ ᠢᠯᠡ ᠪᠠᠷ | ᠨᠡᠶᠢᠳᠡᠯᠡᠵᠤ᠂ ᠬᠦᠯᠢᠶᠡᠨ ᠠᠪᠬᠤ ᠡᠲᠡᠭᠡᠳ ᠢ ᠡᠯᠰᠡᠬᠦ ᠬᠡᠷᠡᠭᠳᠡᠢ᠃ | ︵ᠭᠤᠷᠪᠠ︶ ᠬᠦᠯᠢᠶᠡᠨ ᠠᠪᠬᠤ ᠡᠲᠡᠭᠡᠳ ᠠᠴᠠ ᠬᠦᠯᠢᠶᠠᠨ ᠠᠪᠬᠤ ᠭᠤᠶᠤᠴᠢᠯᠠᠯ ᠲᠡᠪᠰᠢᠬᠦᠯᠵᠤ᠂ | ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠠᠴᠠ ᠭᠤᠶᠤᠴᠢᠯᠠᠭᠰᠠᠨ ᠮᠠᠲ᠋ᠤᠷᠢᠶᠠᠯ ᠢ ᠬᠢᠨᠠᠨ ᠬᠠᠷᠭᠤᠭᠤᠯᠵᠤ᠂ | ᠨᠦᠬᠦᠴᠡᠯ ᠳᠤ ᠨᠡᠶᠢᠴᠡᠭᠰᠡᠨ ᠪᠤᠯ᠂ ᠬᠦᠯᠢᠶᠡᠨ ᠠᠪᠬᠤ ᠪᠠᠷ ᠳᠠᠩᠰᠠᠯᠠᠭᠤᠯᠬᠤ ᠬᠡᠷᠡᠭᠳᠡᠢ᠃ | ︵ᠲᠦᠷᠪᠡ︶ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠨᠢ ᠬᠦᠯᠢᠶᠠᠨ ᠠᠪᠬᠤ ᠡᠲᠡᠭᠡᠳ ᠤᠨ | ᠳᠠᠩᠰᠠᠯᠠᠭᠤᠯᠤᠭᠰᠠᠨ ᠪᠠᠶᠢᠳᠠᠯ ᠢ ᠦᠨᠳᠦᠰᠦᠯᠡᠨ ᠢᠯᠡ ᠪᠠᠷ ᠦᠨ᠎ᠡ ᠬᠠᠶᠠᠯᠴᠠᠨ ᠠᠷᠠᠯᠵᠢᠶᠠᠯᠠᠬᠤ ᠠᠵᠢᠯᠯᠠᠭ᠎ᠠ ᠶᠢ | ᠵᠤᠬᠢᠶᠠᠨ ᠪᠠᠶᠢᠭᠤᠯᠬᠤ ᠶᠢᠨ ᠬᠠᠮᠳᠤ᠂ ᠠᠷᠠᠯᠵᠢᠶᠠᠯᠠᠬᠤ ᠬᠤᠶᠠᠷ ᠡᠲᠡᠭᠡᠳ ᠠᠴᠠ ᠰᠢᠯᠵᠢᠬᠦᠯᠦᠨ ᠦᠭᠬᠦ ᠬᠡᠷ᠎ᠡ | ᠲᠤᠭᠳᠠᠬᠤ ᠶᠢ ᠵᠤᠬᠢᠶᠠᠨ ᠪᠠᠶᠢᠭᠤᠯᠬᠤ ᠬᠡᠷᠡᠭᠳᠡᠢ᠃ | ︵ᠲᠠᠪᠤ︶ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠨᠢ ᠲᠤᠰᠠᠭᠠᠷ ᠳ᠋ᠦᠩᠨᠠᠨ ᠪᠤᠳᠤᠬᠤ ᠲᠠᠩᠰᠠ | ᠡᠷᠦᠭᠡ ᠪᠠᠶᠢᠭᠤᠯᠵᠤ᠂ ᠠᠷᠠᠯᠵᠢᠶᠠᠯᠠᠭᠰᠠᠨ ᠪᠡᠯᠡ ᠮᠦᠩᠬᠦ ᠳᠤ ᠨᠢᠭᠡᠳᠦᠯᠳᠡᠢ ᠳ᠋ᠦᠩᠨᠠᠨ ᠪᠤᠳᠤᠬᠤ ᠶᠢ ᠬᠡᠷᠡᠭᠵᠢᠬᠦᠯᠬᠦ | ᠬᠡᠷᠡᠭᠳᠡᠢ᠃ | ︵ᠵᠢᠷᠭᠤᠭ᠎ᠠ︶ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠠᠴᠠ ᠠᠷᠠᠯᠵᠢᠶᠠᠯᠠᠬᠤ ᠬᠤᠶᠠᠷ | ᠡᠲᠡᠭᠡᠳ ᠲᠤ ᠠᠷᠠᠯᠵᠢᠶᠠᠯᠠᠭᠰᠠᠨ ᠪᠠᠷᠢᠮᠳᠠ ᠭᠠᠷᠭᠠᠵᠤ ᠦᠭᠬᠦ ᠬᠡᠷᠡᠭᠳᠡᠢ᠃ | ᠠᠷᠪᠠᠨ ᠲᠤᠯᠤᠳᠤᠭᠠᠷ ᠵᠦᠢᠯ ᠰᠢᠯᠵᠢᠬᠦᠯᠦᠨ ᠦᠭᠬᠦ ᠡᠲᠡᠭᠡᠳ᠂ ᠬᠦᠯᠢᠶᠠᠨ ᠠᠪᠬᠤ ᠡᠲᠡᠭᠡᠳ ᠨᠢ | ᠠᠷᠠᠯᠵᠢᠶᠠᠯᠠᠬᠤ ᠪᠠᠷᠢᠮᠳᠠ ᠪᠠᠷ ᠢᠶᠠᠨ ᠬᠤᠯᠪᠤᠭᠳᠠᠯ ᠪᠦᠬᠦᠢ ᠡᠷᠭᠡ ᠶᠢᠨ ᠬᠠᠷᠢᠴᠠᠭ᠎ᠠ ᠳᠠᠬᠢ ᠬᠤᠪᠢᠷᠠᠯᠳᠠ ᠶᠢᠨ | ᠲᠠᠩᠰᠠᠯᠠᠯ ᠬᠢᠬᠦ ᠬᠡᠷᠡᠭᠳᠡᠢ᠃ | ᠠᠷᠪᠠᠨ ᠨᠠᠢᠮᠠᠳᠤᠭᠠᠷ ᠵᠦᠢᠯ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ | ᠰᠢᠯᠵᠢᠬᠦᠯᠦᠨ ᠦᠭᠬᠦ ᠠᠵᠢᠯᠯᠠᠭ᠎ᠠ ᠬᠢᠵᠤ ᠪᠠᠶᠢᠭ᠎ᠠ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠨᠢ ᠳᠣᠣᠷᠠᠬᠢ | ᠡᠬᠦᠷᠭᠡ ᠶᠢ ᠭᠦᠢᠴᠡᠳᠭᠡᠬᠦ ᠬᠡᠷᠡᠭᠲᠡᠢ᠄ | ︵ᠨᠢᠭᠡ︶ ᠦᠮᠴᠢᠯᠡᠬᠦ ᠡᠷᠭᠡ ᠶᠢ ᠰᠢᠯᠵᠢᠬᠦᠯᠦᠨ ᠦᠭᠬᠦ ᠳᠤ ᠲᠠᠯᠠᠪᠠᠢ᠂ ᠪᠡᠯᠡᠳᠭᠡᠮᠵᠢ ᠪᠠ ᠮᠡᠳᠡᠭᠡ ᠵᠠᠩᠬᠢ | ᠨᠡᠶᠢᠳᠡᠯᠡᠬᠦ᠂ ᠯᠠᠪᠯᠠᠬᠤ ᠵᠡᠷᠭᠡ ᠦᠢᠯᠡᠴᠢᠯᠡᠭᠡ ᠬᠠᠩᠭᠠᠬᠤ ᠬᠡᠷᠡᠭᠳᠡᠢ᠃ | ︵ᠬᠤᠶᠠᠷ︶ ᠦᠮᠴᠢᠯᠡᠬᠦ ᠡᠷᠭᠡ ᠶᠢ ᠰᠢᠯᠵᠢᠬᠦᠯᠦᠨ ᠦᠭᠬᠦ ᠡᠯ᠎ᠡ ᠡᠲᠡᠭᠡᠳ ᠠᠴᠠ ᠬᠠᠩᠭᠠᠭᠰᠠᠨ ᠪᠢᠴᠢᠭ | ᠮᠠᠲ᠋ᠤᠷᠢᠶᠠᠯ ᠤᠨ ᠦᠨᠡᠨ ᠪᠤᠳᠠᠳᠤ ᠴᠢᠨᠠᠷ᠂ ᠬᠠᠤᠯᠢ ᠶᠤᠰᠤᠴᠢ ᠴᠢᠨᠠᠷ ᠢ ᠬᠢᠨᠠᠨ ᠬᠠᠷᠭᠤᠭᠤᠯᠬᠤ ᠬᠡᠷᠡᠭᠳᠡᠢ᠃ | ︵ᠭᠤᠷᠪᠠ︶ ᠦᠮᠴᠢᠯᠡᠬᠦ ᠡᠷᠭᠡ ᠶᠢ ᠰᠢᠯᠵᠢᠬᠦᠯᠦᠨ ᠦᠭᠬᠦ ᠬᠡᠷ᠎ᠡ ᠪᠠᠨ ᠬᠢᠨᠠᠨ ᠬᠠᠷᠭᠤᠭᠤᠯᠬᠤ ᠶᠢᠨ ᠬᠠᠮᠳᠤ᠂ | ᠦᠮᠴᠢᠯᠡᠬᠦ ᠡᠷᠭᠡ ᠠᠷᠠᠯᠵᠢᠶᠠᠯᠠᠬᠤ ᠪᠠᠷᠢᠮᠳᠠ ᠭᠠᠷᠭᠠᠵᠤ ᠦᠭᠬᠦ ᠬᠡᠷᠡᠭᠳᠡᠢ᠃ | ︵ᠲᠦᠷᠪᠡ︶ ᠤᠯᠤᠰ ᠤᠨ ᠦᠮᠴᠢᠯᠡᠯᠳᠤ ᠶᠢᠨ ᠦᠮᠴᠢᠯᠡᠬᠦ ᠡᠷᠭᠡ ᠠᠷᠠᠯᠵᠢᠶᠠᠯᠠᠬᠤ ᠲᠦᠷᠢᠮ ᠢ ᠦᠨᠳᠦᠰᠦᠯᠡᠨ | ᠤᠯᠤᠰ ᠤᠨ ᠦᠮᠴᠢᠯᠡᠯᠳᠤ ᠶᠢᠨ ᠦᠮᠴᠢᠯᠡᠬᠦ ᠡᠷᠭᠡ ᠠᠷᠠᠯᠵᠢᠶᠠᠯᠠᠬᠤ ᠨᠠᠷᠢᠨ ᠲᠦᠷᠢᠮ ᠢ ᠲᠤᠭᠳᠠᠭᠠᠬᠤ ᠬᠡᠷᠡᠭᠳᠡᠢ᠃ | ︵ᠲᠠᠪᠤ︶ ᠰᠢᠯᠵᠢᠬᠦᠯᠦᠨ ᠦᠭᠬᠦ ᠡᠲᠡᠭᠡᠳ᠂ ᠬᠦᠯᠢᠶᠠᠨ ᠠᠪᠬᠤ ᠡᠲᠡᠭᠡᠳ ᠨᠢ ᠠᠰᠢᠭ ᠲᠤᠰᠠ ᠶᠢᠨ | ᠬᠠᠷᠢᠴᠠᠭ᠎ᠠ ᠲᠠᠢ ᠪᠤᠯ ᠵᠠᠶᠢᠯᠠᠰᠬᠢᠬᠤ ᠬᠡᠷᠡᠭᠳᠡᠢ᠃ | ︵ᠵᠢᠷᠭᠤᠭ᠎ᠠ︶ ᠰᠢᠯᠵᠢᠬᠦᠯᠦᠨ ᠦᠭᠬᠦ ᠠᠵᠢᠯᠯᠠᠭ᠎ᠠ ᠵᠢᠴᠢ ᠲᠤᠬᠠᠶᠢᠳᠠᠢ ᠬᠦᠮᠦᠨ ᠤ ᠬᠤᠳᠠᠯᠳᠤᠭᠠᠨ ᠤ | ᠨᠢᠭᠤᠴᠠ ᠶᠢ ᠬᠠᠮᠠᠭᠠᠯᠠᠬᠤ ᠬᠡᠷᠡᠭᠳᠡᠢ᠃ | ︵ᠲᠤᠯᠤᠭ᠎ᠠ︶ ᠤᠯᠤᠰ ᠤᠨ ᠦᠮᠴᠢᠯᠡᠯᠳᠤ ᠡᠳ᠋ ᠬᠦᠷᠦᠩᠭᠡ ᠶᠢᠨ ᠬᠢᠨᠠᠨ ᠬᠠᠮᠢᠶᠠᠷᠬᠤ ᠪᠠᠶᠢᠭᠤᠯᠤᠮᠵᠢ ᠳᠤ | ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠶᠢᠨ ᠦᠮᠴᠢᠯᠡᠬᠦ ᠡᠷᠭᠡ ᠶᠢ ᠰᠢᠯᠵᠢᠬᠦᠯᠦᠨ ᠦᠭᠬᠦᠭᠰᠡᠨ | ᠪᠠᠶᠢᠳᠠᠯ ᠢᠶᠠᠨ ᠮᠡᠳᠡᠬᠦᠯᠬᠦ ᠬᠡᠷᠡᠭᠳᠡᠢ᠃ | ︵ᠨᠠᠢᠮᠠ︶ ᠬᠠᠤᠯᠢ ᠴᠠᠭᠠᠵᠠ᠂ ᠬᠠᠤᠯᠢ ᠲᠤᠭᠳᠠᠭᠠᠯ᠂ ᠲᠦᠷᠢᠮ ᠲᠤᠭᠳᠠᠭᠠᠯ ᠤᠨ ᠪᠤᠰᠤᠳ ᠡᠬᠦᠷᠭᠡ᠃ | ᠠᠷᠪᠠ ᠶᠢᠰᠦᠳᠦᠭᠡᠷ ᠵᠦᠢᠯ ᠲᠤᠰ ᠠᠷᠭ᠎ᠠ ᠶᠢᠨ ᠲᠤᠭᠳᠠᠭᠠᠯ ᠶᠤᠰᠤᠭᠠᠷ ᠦᠮᠴᠢᠯᠡᠬᠦ ᠡᠷᠭᠡ ᠠᠷᠠᠯᠵᠢᠶᠠᠯᠠᠬᠤ | ᠪᠠᠶᠢᠭᠤᠯᠤᠮᠵᠢ ᠪᠠᠷ ᠲᠠᠮᠵᠢᠨ ᠰᠢᠯᠵᠢᠬᠦᠯᠦᠨ ᠦᠭᠬᠦᠭᠰᠡᠨ ᠦᠭᠡᠢ ᠪᠤᠯ᠂ ᠤᠯᠤᠰ ᠤᠨ ᠦᠮᠴᠢᠯᠡᠯᠳᠤ ᠡᠳ᠋ | ᠬᠦᠷᠦᠩᠭᠡ ᠶᠢᠨ ᠬᠢᠨᠠᠨ ᠬᠠᠮᠢᠶᠠᠷᠬᠤ ᠪᠠᠶᠢᠭᠤᠯᠤᠮᠵᠢ᠂ ᠤᠯᠤᠰ ᠤᠨ ᠭᠠᠵᠠᠷ ᠰᠢᠷᠦᠢ ᠡᠬᠢ ᠪᠠᠶᠠᠯᠢᠭ᠂ ᠤᠷᠤᠨ | ᠰᠠᠭᠤᠴᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ᠂ ᠲᠤᠳᠤᠭᠠᠳᠤ ᠶᠢ ᠬᠠᠮᠠᠭᠠᠯᠠᠬᠤ ᠵᠡᠷᠭᠡ ᠰᠠᠯᠠᠭ᠎ᠠ | ᠮᠦᠴᠢᠷ ᠠᠴᠠ ᠵᠤᠬᠢᠬᠤ ᠡᠷᠭᠡ ᠶᠢᠨ ᠬᠠᠷᠢᠶ᠎ᠠ ᠶᠢ ᠨᠢ ᠬᠤᠪᠢᠷᠠᠭᠤᠯᠬᠤ ᠲᠠᠩᠰᠠᠯᠠᠯ ᠢ ᠬᠦᠢᠴᠡᠳᠭᠡᠵᠤ ᠪᠤᠯᠬᠤ ᠦᠭᠡᠢ᠃ | ᠬᠤᠷᠢᠳᠤᠭᠠᠷ ᠵᠦᠢᠯ ᠰᠢᠯᠵᠢᠬᠦᠯᠦᠨ ᠦᠭᠬᠦ ᠡᠲᠡᠭᠡᠳ᠂ ᠬᠦᠯᠢᠶᠠᠨ ᠠᠪᠬᠤ ᠡᠲᠡᠭᠡᠳ ᠵᠢᠴᠢ ᠰᠢᠯᠵᠢᠬᠦᠯᠦᠨ | ᠦᠭᠬᠦ ᠵᠤᠷᠢᠯᠭ᠎ᠠ ᠲᠠᠢ ᠠᠵᠤ ᠠᠬᠤᠶᠢᠯᠠᠯ ᠤᠳ ᠲᠤᠰ ᠠᠷᠭ᠎ᠠ ᠶᠢᠨ ᠲᠤᠭᠳᠠᠭᠠᠯ ᠠᠴᠠ ᠵᠦᠷᠢᠴᠡᠭᠰᠡᠨ᠂ ᠲᠤᠤᠷᠠᠬᠢ | ᠦᠢᠯᠡ ᠠᠵᠢᠯᠯᠠᠭ᠎ᠠ ᠲᠠᠢ ᠪᠤᠯ᠂ ᠤᠯᠤᠰ ᠤᠨ ᠦᠮᠴᠢᠯᠡᠯᠳᠤ ᠡᠳ᠋ ᠬᠦᠷᠦᠩᠭᠡ ᠶᠢᠨ ᠬᠢᠨᠠᠨ ᠬᠠᠮᠢᠶᠠᠷᠬᠤ ᠪᠠᠶᠢᠭᠤᠯᠤᠮᠵᠢ | ᠪᠤᠶᠤ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠬᠠᠮᠢᠶ᠎ᠠ ᠪᠦᠬᠦᠢ | ᠬᠢᠨᠠᠨ ᠵᠦᠪᠰᠢᠶᠠᠷᠡᠬᠦ ᠪᠠᠶᠢᠭᠤᠯᠤᠮᠵᠢ ᠠᠴᠠ ᠰᠢᠯᠵᠢᠬᠦᠯᠦᠨ ᠦᠭᠬᠦ ᠡᠲᠡᠭᠡᠳ ᠢ ᠵᠠᠷᠯᠢᠭᠳᠠᠵᠦ ᠪᠠᠶᠢᠭᠠᠳ ᠡᠳ᠋ ᠬᠦᠷᠦᠩᠭᠡ | ᠰᠢᠯᠵᠢᠬᠦᠯᠦᠨ ᠦᠭᠬᠦ ᠠᠵᠢᠯᠯᠠᠭ᠎ᠠ ᠶᠢ ᠨᠢ ᠵᠤᠭᠰᠤᠭᠠᠬᠤ ᠬᠡᠷᠡᠭᠳᠡᠢ︔ ᠰᠢᠭᠤᠳ ᠬᠠᠷᠢᠭᠤᠴᠠᠯᠭ᠎ᠠ ᠡᠬᠦᠷᠭᠡᠯᠡᠵᠤ | ᠪᠠᠶᠢᠭ᠎ᠠ ᠭᠤᠤᠯ ᠬᠠᠮᠢᠶᠠᠷᠤᠭᠴᠢ ᠪᠠ ᠪᠤᠰᠤᠳ ᠰᠢᠭᠤᠳ ᠬᠠᠷᠢᠭᠤᠴᠠᠯᠭᠠᠳᠠᠨ ᠳᠤ᠂ ᠬᠠᠤᠯᠢ ᠶᠤᠰᠤᠭᠠᠷ ᠰᠢᠢᠳᠭᠡᠯ | ᠦᠭᠬᠦᠨ᠎ᠡ︔ ᠤᠯᠤᠰ ᠤᠨ ᠦᠮᠴᠢᠯᠡᠯᠳᠤ ᠡᠳ᠋ ᠬᠦᠷᠦᠩᠭᠡ ᠳᠤ ᠬᠤᠬᠢᠷᠠᠯ ᠤᠴᠠᠷᠠᠭᠤᠯᠤᠭᠰᠠᠨ ᠪᠤᠯ᠂ | ᠲᠦᠯᠦᠪᠦᠷᠢ ᠶᠢᠨ ᠬᠠᠷᠢᠭᠤᠴᠠᠯᠭ᠎ᠠ ᠡᠬᠦᠷᠭᠡᠯᠡᠬᠦ ᠬᠡᠷᠡᠭᠳᠡᠢ︔ ᠶᠠᠯ᠎ᠠ ᠳᠤ ᠬᠦᠷᠦᠭᠰᠡᠨ ᠪᠤᠯ᠂ ᠬᠠᠤᠯᠢ ᠶᠤᠰᠤᠭᠠᠷ | ᠡᠷᠡᠬᠦᠦ ᠶᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠳᠡᠢ᠄ | ︵ᠨᠢᠭᠡ︶ ᠲᠠᠯᠠᠪᠠᠢ ᠶᠢᠨ ᠭᠠᠳᠠᠨ᠎ᠠ ᠰᠢᠯᠵᠢᠬᠦᠯᠦᠨ ᠦᠭᠬᠦᠭᠰᠡᠨ ᠪᠤᠶᠤ ᠨᠢᠭᠤᠴᠠ ᠪᠠᠷ ᠰᠢᠯᠵᠢᠬᠦᠯᠦᠨ | ᠦᠭᠬᠦᠭᠰᠡᠨ᠃ | ︵ᠬᠤᠶᠠᠷ︶ ᠰᠢᠯᠵᠢᠬᠦᠯᠦᠨ ᠦᠭᠬᠦ ᠡᠲᠡᠭᠡᠳ᠂ ᠰᠢᠯᠵᠢᠬᠦᠯᠦᠨ ᠦᠭᠬᠦ ᠵᠤᠷᠢᠯᠭ᠎ᠠ ᠲᠠᠢ ᠠᠵᠤ ᠠᠬᠤᠶᠢᠯᠠᠯ ᠤᠳ | ᠲᠤᠳᠤᠭᠠᠳᠤ ᠳᠠᠬᠢ ᠰᠢᠢᠳᠪᠦᠷᠢᠳᠤ ᠪᠤᠳᠤᠯᠭ᠎ᠠ ᠶᠢᠨ ᠲᠡᠰ ᠲᠠᠷᠠᠭᠠᠯᠠᠯ᠂ ᠬᠢᠨᠠᠨ ᠵᠦᠪᠰᠢᠶᠡᠷᠡᠬᠦ ᠲᠡᠰ ᠲᠠᠷᠠᠭᠠᠯᠠᠯ ᠢᠶᠠᠷ | ᠬᠦᠢᠴᠡᠳᠭᠡᠬᠦ ᠦᠭᠡᠢ ᠪᠤᠶᠤ ᠡᠷᠭᠡ ᠮᠡᠳᠡᠯ ᠤᠨ ᠬᠡᠪᠴᠢᠶ᠎ᠡ ᠠᠴᠠ ᠬᠡᠳᠦᠷᠡᠬᠦᠯᠦᠨ ᠠᠵᠤ ᠠᠬᠤᠶᠢᠯᠠᠯ ᠤᠨ ᠤᠯᠤᠰ ᠤᠨ | ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦᠭᠰᠡᠨ᠃ | ︵ᠭᠤᠷᠪᠠ︶ ᠰᠢᠯᠵᠢᠬᠦᠯᠦᠨ ᠦᠭᠬᠦ ᠡᠲᠡᠭᠡᠳ ᠨᠢ ᠲᠤᠭᠳᠠᠭᠠᠯ ᠶᠤᠰᠤᠭᠠᠷ ᠠᠵᠢᠯᠳᠠᠨ ᠠᠵᠢᠯᠴᠢᠨ ᠢᠶᠠᠨ | ᠳᠣᠬᠢᠲᠠᠢ ᠲᠦᠪᠬᠢᠨᠠᠬᠦᠯᠦᠭᠰᠡᠨ ᠦᠭᠡᠢ᠂ ᠠᠵᠢᠯᠳᠠᠨ ᠠᠵᠢᠯᠴᠢᠨ ᠤ ᠬᠠᠤᠯᠢ ᠶᠤᠰᠤᠨ ᠤ ᠡᠷᠭᠡ ᠠᠰᠢᠭ ᠲᠤ | ᠬᠠᠯᠳᠠᠭᠰᠠᠨ᠃ | ︵ᠲᠦᠷᠪᠡ︶ ᠬᠠᠤᠯᠢ ᠴᠠᠭᠠᠵᠠ᠂ ᠬᠠᠤᠯᠢ ᠲᠤᠭᠳᠠᠭᠠᠯ᠂ ᠲᠦᠷᠢᠮ ᠲᠤᠭᠳᠠᠭᠠᠯ ᠳᠤ ᠲᠣᠭᠲᠠᠭᠠᠭᠰᠠᠨ | ᠪᠤᠰᠤᠳ ᠴᠠᠭᠠᠵᠠᠯᠠᠬᠤ ᠴᠢᠨᠠᠷᠳᠠᠢ ᠠᠵᠢᠯᠯᠠᠭ᠎ᠠ᠃ | ᠬᠤᠷᠢᠨ ᠨᠢᠭᠡᠳᠦᠭᠡᠷ ᠵᠦᠢᠯ ᠦᠮᠴᠢᠯᠡᠬᠦ ᠡᠷᠭᠡ ᠠᠷᠠᠯᠵᠢᠶᠠᠯᠠᠬᠤ ᠪᠠᠶᠢᠭᠤᠯᠤᠮᠵᠢ ᠨᠢ ᠠᠵᠤ ᠠᠬᠤᠶᠢᠯᠠᠯ ᠤᠨ | ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ ᠲᠤᠮᠳᠠ ᠬᠤᠳᠠᠯ ᠬᠠᠭᠤᠷᠮᠠᠭ ᠬᠢᠵᠦ᠂ | ᠭᠤᠶᠠᠴᠢᠯᠠᠨ ᠬᠠᠤᠯᠢ ᠶᠤᠰᠤ ᠶᠢ ᠵᠦᠷᠢᠴᠡᠵᠤ᠂ ᠤᠯᠤᠰ ᠤᠨ ᠠᠰᠢᠭ ᠲᠤᠰᠠ ᠪᠤᠶᠤ ᠡᠳ᠋ ᠬᠦᠷᠦᠩᠭᠡ ᠶᠢ | ᠰᠢᠯᠵᠢᠬᠦᠯᠦᠨ ᠦᠭᠬᠦ ᠡᠯ᠎ᠡ ᠡᠲᠡᠭᠡᠳ ᠤᠨ ᠬᠠᠤᠯᠢ ᠶᠤᠰᠤᠨ ᠤ ᠡᠷᠭᠡ ᠠᠰᠢᠭ ᠲᠤ ᠬᠤᠬᠢᠷᠠᠯ ᠤᠴᠠᠷᠠᠭᠤᠯᠤᠭᠰᠠᠨ ᠪᠣᠯ᠂ | ᠤᠯᠤᠰ ᠤᠨ ᠦᠮᠴᠢᠯᠡᠯᠳᠤ ᠡᠳ᠋ ᠬᠦᠷᠦᠩᠭᠡ ᠶᠢᠨ ᠬᠢᠨᠠᠯᠳᠠ ᠬᠠᠮᠢᠶᠠᠷᠤᠯᠳᠠ ᠶᠢᠨ ᠪᠠᠶᠢᠭᠤᠯᠤᠮᠵᠢ ᠠᠴᠠ ᠵᠠᠷᠯᠢᠭᠳᠠᠨ | ᠵᠠᠯᠠᠷᠠᠭᠤᠯᠬᠤ ᠬᠡᠷᠡᠭᠳᠡᠢ︔ ᠰᠢᠭᠤᠳ ᠬᠠᠷᠢᠭᠤᠴᠠᠯᠭᠠᠳᠠᠨ ᠤ ᠬᠠᠷᠢᠭᠤᠴᠠᠯᠭ᠎ᠠ ᠶᠢ ᠬᠠᠤᠯᠢ ᠶᠤᠰᠤᠭᠠᠷ ᠨᠡᠬᠡᠮᠵᠢᠯᠡᠬᠦ | ᠬᠡᠷᠡᠭᠲᠡᠢ︔ ᠶᠡᠯ᠎ᠡ ᠳᠤ ᠬᠦᠷᠦᠭᠰᠡᠨ ᠪᠤᠯ᠂ ᠬᠠᠤᠯᠢ ᠶᠤᠰᠤᠭᠠᠷ ᠡᠷᠡᠬᠦᠦ ᠶᠢᠨ ᠬᠠᠷᠢᠭᠤᠴᠠᠯᠭ᠎ᠠ ᠨᠡᠭᠡᠮᠵᠢᠯᠡᠬᠦ ᠬᠡᠷᠡᠭᠳᠡᠢ᠃ | | ᠬᠤᠷᠢᠨ ᠬᠤᠶᠠᠳᠤᠭᠠᠷ ᠵᠦᠢᠯ ᠤᠯᠤᠰ ᠤᠨ ᠦᠮᠴᠢᠯᠡᠯᠳᠤ ᠡᠳ᠋ ᠬᠦᠷᠦᠩᠭᠡ ᠶᠢᠨ ᠬᠢᠨᠠᠯᠳᠠ | ᠬᠠᠮᠢᠶᠠᠷᠤᠯᠳᠠ ᠶᠢᠨ ᠪᠠᠶᠢᠭᠤᠯᠤᠮᠵᠢ ᠪᠤᠶᠤ ᠵᠣᠭᠤᠰ ᠭᠠᠷᠭᠠᠭᠴᠢ ᠶᠢᠨ ᠡᠭᠦᠷᠭᠡ ᠬᠠᠷᠢᠭᠤᠴᠠᠯᠭ᠎ᠠ ᠬᠦᠢᠴᠡᠳᠭᠡᠬᠦ | ᠪᠠᠶᠢᠭᠤᠯᠤᠮᠵᠢ ᠵᠢᠴᠢ ᠠᠵᠢᠯᠳᠠᠨ ᠲᠤᠰ ᠠᠷᠭ᠎ᠠ ᠶᠢᠨ ᠲᠤᠭᠳᠠᠭᠠᠯ ᠠᠴᠠ ᠵᠦᠷᠢᠴᠡᠵᠤ᠂ ᠳᠣᠣᠷᠠᠬᠢ ᠠᠵᠢᠯᠯᠠᠭ᠎ᠠ ᠶᠢᠨ | ᠨᠢᠭᠡ ᠨᠢ ᠪᠠᠶᠢᠪᠠᠯ᠂ ᠭᠤᠤᠯ ᠬᠠᠷᠢᠭᠤᠴᠠᠯᠭᠠᠳᠠᠨ ᠪᠠ ᠰᠢᠭᠤᠳ ᠬᠠᠷᠢᠭᠤᠴᠠᠯᠭᠠᠳᠠᠨ ᠳᠤ ᠬᠠᠤᠯᠢ ᠶᠤᠰᠤᠭᠠᠷ ᠵᠠᠰᠠᠭ | ᠵᠠᠬᠢᠷᠭᠠᠨ ᠤ ᠰᠢᠢᠳᠭᠡᠯ ᠥᠭᠭᠦᠨ᠎ᠡ︔ ᠶᠠᠯ᠎ᠠ ᠳᠤ ᠬᠦᠷᠦᠭᠰᠡᠨ ᠪᠤᠯ᠂ ᠬᠠᠤᠯᠢ ᠶᠤᠰᠤᠭᠠᠷ ᠡᠷᠡᠬᠦᠦ ᠶᠢᠨ | ᠬᠠᠷᠢᠭᠤᠴᠠᠯᠭ᠎ᠠ ᠨᠡᠭᠡᠮᠵᠢᠯᠡᠬᠦ ᠬᠡᠷᠡᠭᠳᠡᠢ᠄ | ︵ᠨᠢᠭᠡ︶ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ ᠬᠦᠷᠦᠩᠭᠡ ᠶᠢ ᠰᠢᠯᠵᠢᠬᠦᠯᠦᠨ ᠦᠭᠬᠦ | ᠤᠴᠢᠷ ᠤᠳ ᠢ ᠲᠤᠷ᠎ᠠ ᠪᠠᠷ ᠢᠶᠠᠨ ᠬᠢᠨᠠᠨ ᠵᠦᠪᠰᠢᠶᠡᠷᠡᠵᠤ᠂ ᠡᠷᠭᠡ ᠠᠴᠠ ᠪᠠᠨ ᠲᠠᠪᠠᠵᠤ ᠬᠢᠨᠠᠨ ᠵᠦᠪᠰᠢᠶᠡᠷᠡᠬᠦ ᠪᠤᠶᠤ | ᠲᠤᠭᠳᠠᠭᠠᠯ ᠠᠴᠠ ᠵᠦᠷᠢᠴᠠᠨ ᠬᠦᠢᠴᠡᠳᠭᠡᠬᠦ᠃ | ︵ᠬᠤᠶᠠᠷ︶ ᠬᠡᠭᠡᠯᠢ ᠬᠠᠭ᠋ᠤᠤᠯᠢ ᠠᠪᠬᠤ᠃ | ︵ᠭᠤᠷᠪᠠ︶ ᠬᠠᠤᠯᠢ ᠪᠠᠷ ᠲᠣᠭᠲᠠᠭᠰᠠᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠦᠭᠡᠢ᠃ ᠡᠬᠦᠷᠭᠡ | ᠬᠠᠷᠢᠭᠤᠴᠠᠯᠭ᠎ᠠ ᠪᠠᠨ ᠲᠤᠷ᠎ᠠ ᠪᠠᠷ ᠢᠶᠠᠨ ᠬᠡᠷᠡᠭᠯᠡᠬᠦ᠂ ᠭᠤᠶᠠᠴᠢᠯᠠᠨ ᠬᠠᠤᠯᠢ ᠶᠤᠰᠤ ᠶᠢ ᠵᠦᠷᠢᠴᠡᠬᠦ᠂ ᠠᠯᠪᠠᠨ | ᠲᠤᠰᠢᠶᠠᠯ ᠳᠤ ᠠᠯᠮᠠᠶᠢᠷᠠᠨ ᠤᠰᠤᠯᠳᠠᠬᠤ ᠪᠤᠰᠤᠳ ᠦᠢᠯᠡ ᠠᠵᠢᠯᠯᠠᠭ᠎ᠠ᠃ | ᠬᠤᠷᠢᠨ ᠭᠤᠷᠪᠠᠳᠤᠭᠠᠷ ᠵᠦᠢᠯ ᠲᠤᠰ ᠠᠷᠭ᠎ᠠ ᠶᠢ 2015 ᠤᠨ ᠤ 1 ᠳ᠋ᠤᠭᠡᠷ ᠰᠠᠷ᠎ᠠ ᠶᠢᠨ 1 ᠤ | ᠡᠳᠦᠷ ᠠᠴᠠ ᠡᠬᠢᠯᠡᠨ ᠬᠡᠷᠡᠭᠵᠢᠬᠦᠯᠦᠨ᠎ᠡ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ | ᠵᠠᠰᠠᠭ ᠤᠨ ᠤᠷᠳᠤᠨ ᠤ 2003 ᠤᠨ ᠤ 3 ᠳ᠋ᠤᠭᠠᠷ ᠰᠠᠷ᠎ᠠ ᠶᠢᠨ 28 ᠤ ᠡᠳᠦᠷ ᠨᠡᠶᠢᠳᠡᠯᠡᠭᠰᠡᠨ ︽ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠵᠤ ᠠᠬᠤᠶᠢᠯᠠᠯ ᠤᠨ ᠤᠯᠤᠰ ᠤᠨ ᠦᠮᠴᠢᠯᠡᠯᠳᠤ ᠡᠳ᠋ | ᠬᠦᠷᠦᠩᠭᠡ ᠶᠢᠨ ᠦᠮᠴᠢᠯᠡᠬᠦ ᠡᠷᠭᠡ ᠠᠷᠠᠯᠵᠢᠶᠠᠯᠠᠬᠤ ᠬᠠᠮᠢᠶᠠᠷᠤᠯᠳᠠ ᠶᠢᠨ ᠠᠷᠭ᠎ᠠ︾ ︵ᠦᠪᠡᠷᠳᠡᠭᠡᠨ ᠵᠠᠰᠠᠬᠤ | ᠤᠷᠤᠨ ᠤ ᠠᠷᠠᠳ ᠤᠨ ᠵᠠᠰᠠᠭ ᠤᠨ ᠤᠷᠳᠤᠨ ᠤ ᠵᠠᠷᠯᠢᠭ 126 ᠳ᠋ᠤᠭᠠᠷ ᠲᠤᠭᠠᠳᠤ︶ ᠶᠢ ᠬᠠᠮᠳᠤ ᠳᠤᠨᠢ ᠬᠦᠴᠦᠨ | ᠦᠭᠡᠢ ᠪᠤᠯᠭᠠᠨ᠎ᠠ᠃ | | | |